ᠨᠡᠪᠲᠡᠷᠡᠨ ᠤᠷᠤᠬᠤ
ᠬᠠᠪᠣᠷ ᠢᠷᠡᠭᠦᠢ

ᠵᠤᠵᠠᠭᠠᠨ ᠭᠦᠷᠮ᠎ᠡ ᠪᠠᠨ ᠳᠠᠢ᠌ᠴᠢᠵᠤ

ᠡᠵᠢ ᠬᠠᠪᠣᠷ ᠠᠢ᠌ᠰᠤᠢ

ᠵᠤᠪᠠᠯ ᠵᠢᠷᠭᠠᠯ ᠤᠨ ᠵᠠᠭᠠᠳᠠᠰᠤ ᠨᠡᠭᠡᠭᠡᠵᠤ

ᠣᠷᠴᠢᠯᠠᠩ ᠤᠨ ᠬᠠᠪᠣᠷ ᠠᠮᠤᠷᠵᠢᠩᠭᠤᠢ

ᠵᠤᠪᠠᠵᠤ ᠡᠪᠠᠦᠡᠭᠦ ᠳᠡᠭᠡᠨ ᠬᠠᠪᠣᠷ

ᠨᠤᠳᠤᠭ ᠤᠨ ᠳᠤᠭᠤᠰᠤ ᠪᠠᠷ ᠢᠠᠴᠠᠭᠯᠠᠨ᠎ᠠ ᠭᠡᠨ᠎ᠡ

ᠵᠤᠷᠭᠤ ᠪᠠᠷ ᠳᠡᠭ᠍ᠷᠢ ᠶᠢᠨ ᠴᠢᠷᠠᠢ ᠶᠢ

ᠳᠤᠯᠤᠭ᠎ᠠ ᠪᠠᠭᠤᠯᠭᠠᠵᠤ ᠰᠢᠯᠠᠷᠠᠨ᠎ᠠ ᠭᠡᠨ᠎ᠡ

ᠬᠠᠷᠠᠩᠭᠤᠢ ᠰᠠᠯᠭᠢ ᠪᠣᠰᠤᠭᠠᠤᠨ ᠯᠠ

ᠬᠠᠪᠣᠷ ᠢᠷᠡᠭᠦ ᠨᠢ ᠡ ᠭᠡᠳᠡᠯ᠎ᠡ

ᠬᠠᠬᠠᠭ ᠠᠰᠠᠭ᠎ᠠ ᠪᠠᠨ ᠪᠣᠳᠠᠷᠠᠭᠠᠵᠤ ᠰᠢᠨ᠎ᠡ ᠬᠠᠪᠣᠷ

ᠮᠦᠴᠢᠷ ᠤᠨ ᠦᠶᠡᠨ ᠡᠴᠠ ᠪᠦᠯᠳᠡᠢ᠌ᠨ᠎ᠡ ᠭᠡᠨ᠎ᠡ

ᠡᠵᠢ ᠵᠤᠭ ᠳᠤᠰᠤᠭᠠᠤᠨ ᠬᠠᠷᠠᠬᠤ ᠳ᠋ᠤ

ᠵᠤᠤᠬᠠᠨ ᠳᠤᠤᠷ᠎ᠠ ᠨᠢᠯᠬ᠎ᠠ ᠨᠤᠭᠤᠭ᠎ᠠ

ᠵᠤᠯᠠᠢ ᠪᠠᠨ ᠬᠣᠢ᠌ᠬᠠᠯᠠᠭᠠᠤᠨ ᠭᠦᠭᠡᠷᠡᠨ᠎ᠡ ᠭᠡᠨ᠎ᠡ

ᠭᠤᠤᠯ ᠭᠤᠷᠤᠬ᠎ᠠ

ᠬᠠᠳᠠᠭᠢᠨᠠᠨ ᠳᠠᠢ᠌ᠯᠠᠭᠠᠷᠠᠵᠤ

ᠳᠡᠯᠪᠠᠷᠡᠭ᠍ᠰᠡᠨ ᠬᠠᠪᠣᠷ

ᠨᠤᠳᠤᠭ ᠦᠨᠦᠰᠤᠨ ᠪᠦᠭᠦᠢᠨᠡᠮ

ᠠᠮᠢᠳᠠᠨ ᠭᠤᠤᠯᠳᠠᠨ

ᠬᠠᠩᠭᠢᠨᠠᠨ ᠪᠣᠰᠴᠤ

ᠡᠵᠢ ᠬᠠᠪᠣᠷ

ᠰᠢᠪᠠᠭᠤᠳ ᠤᠨ ᠳᠠᠭᠤ ᠪᠠᠷ ᠳᠠᠨᠠᠢ᠌ᠨᠠᠮ

ᠬᠠᠪᠣᠷ ᠢᠷᠡᠭᠦᠢ ᠁


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2011 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ