ᠨᠡᠪᠲᠡᠷᠡᠨ ᠤᠷᠤᠬᠤ
ᠮᠤᠩᠭ᠋ᠤᠯ ᠪᠦᠰᠡᠭᠦᠢ

ᠰᠠᠢ᠌ᠬᠠᠨ ᠮᠤᠩᠭ᠋ᠤᠯ ᠪᠦᠰᠡᠭᠦᠢ ᠴᠢᠮ᠎ᠠ ᠶᠢ

ᠬᠠᠪᠣᠷ ᠤᠨ ᠨᠢᠯᠬᠠᠬᠠᠨ ᠢᠠᠵᠠᠭ᠎ᠠ ᠰᠢᠭ

ᠠᠯᠠᠭᠠᠨ ᠳᠠᠭᠠᠨ ᠳᠡᠭᠡᠳᠦᠯᠡᠨ ᠡᠩᠭᠦᠷᠡᠢ᠌ᠯᠡᠶ᠎ᠡ

ᠨᠠᠮᠤᠷ ᠤᠨ ᠭᠡᠡᠵᠡᠭᠡᠨ ᠢᠠᠵᠠᠭ᠎ᠠ ᠰᠢᠭ

ᠡᠯᠢᠭᠡᠨ ᠳᠡᠭᠡᠨ ᠳᠠᠪᠠᠷᠢᠵᠤ ᠬᠠᠢ᠌ᠷᠠᠯᠠᠶ᠎ᠠ


ᠵᠦᠪ ᠵᠥᠷᠢᠭ᠍ᠰᠡᠨ ᠡᠩᠭᠡᠷ ᠶᠢᠡᠨ ᠭᠡᠷᠡᠯ ᠡᠴᠡ ᠨᠢᠭᠤᠵᠤ ᠵᠠᠳᠠᠭᠠᠢ᠌ᠯᠠᠳᠠᠭ

ᠰᠠᠪ ᠦᠭᠡᠶ ᠠᠷᠢᠭᠤᠬᠠᠨ ᠰᠡᠳᠭᠢᠯ ᠳᠡᠭᠡᠨ ᠭᠠᠭᠴᠠᠬᠠᠨ ᠭᠦᠮᠤᠨ ᠢ ᠬᠠᠢ᠌ᠷᠠᠯᠠᠳᠠᠭ

ᠬᠠᠨᠢ ᠳᠠᠭᠠᠨ ᠦᠨᠡᠠᠴᠢ ᠬᠠᠳᠠᠮ ᠳᠠᠭᠠᠨ ᠰᠢᠳᠤᠷᠭᠤ

ᠬᠠᠷ᠎ᠠ ᠨᠢᠳᠤᠨ ᠮᠢᠨᠤ ᠮᠤᠩᠭ᠋ᠤᠯ ᠤᠨ ᠪᠦᠰᠡᠭᠦᠢ


ᠦᠵᠦᠮ ᠤᠨ ᠪᠣᠷᠤᠬᠠᠨ ᠴᠢᠷᠠᠢ ᠳᠠᠭᠠᠨ ᠢᠯᠳᠠᠮᠬᠠᠨ ᠮᠢᠰᠢᠶᠠᠳᠤ ᠳᠤᠳᠤᠷᠠᠭᠤᠯᠵᠤ

ᠥᠩᠭᠡ ᠶᠢᠨ ᠳᠤᠷᠭᠠᠨ ᠣᠳᠠᠰᠤ ᠶᠢ ᠵᠡᠭᠦᠤ ᠣᠷᠢᠶᠠᠵᠤ ᠱᠠᠭᠯᠠᠭᠰᠠᠨ

ᠣᠢ᠌ᠳᠠᠨ ᠬᠤᠸᠠᠷ ᠳᠠᠪᠠᠯ ᠤᠨ ᠡᠮᠵᠢᠶᠡᠷᠢ ᠴᠢᠮᠭᠢᠨ ᠪᠠᠢ᠌ᠭ᠎ᠠ

ᠣᠢ᠌ᠯᠠ ᠳᠤ ᠣᠷᠠᠨ ᠮᠠᠯᠴᠢᠨ ᠮᠤᠩᠭ᠋ᠤᠯ ᠪᠦᠰᠡᠭᠦᠢ


ᠣᠶᠠᠭᠠᠨ ᠳᠡᠭᠡᠷ᠎ᠡ ᠰᠠᠭᠠᠯᠢ ᠶᠢᠨ ᠬᠤᠪᠢᠩ ᠳᠤᠭᠣᠢ᠌ᠯᠠᠵᠤ

ᠣᠨᠠᠭ᠎ᠠ ᠳᠠᠳᠠᠭᠰᠠᠨ ᠠᠮᠠᠷᠠᠭ ᠲᠠᠭᠠᠨ ᠰᠠᠮ ᠰᠡᠮᠭᠡᠨ ᠶᠠᠷᠢᠵᠤ

ᠣᠰᠤ ᠰᠢᠭ ᠶᠢᠡᠨ ᠣᠶᠠᠨ ᠠᠭᠤᠯᠠ ᠰᠢᠭ ᠶᠢᠡᠨ ᠴᠢᠭᠢᠷᠠᠭ ᠳᠦᠷᠦᠳᠡᠭ᠌

ᠣᠳᠤᠮ ᠤᠨ ᠣᠬᠠᠭᠠᠠᠳᠤ ᠰᠠᠭᠠᠯᠢᠴᠢᠨ ᠮᠤᠩᠭ᠋ᠤᠯ ᠪᠦᠰᠡᠭᠦᠢ


ᠲ᠋ᠠᠩᠭ᠋ᠤ ᠰᠠᠮᠪᠣ ᠪᠠᠯᠸᠲ᠋ ᠰᠢᠭ ᠳᠠᠴᠢᠶᠠᠳᠠᠨ ᠥᠰᠦᠷᠳᠡᠭ᠌ ᠦᠭᠡᠶ

ᠳᠠᠪᠤᠨ ᠴᠠᠭᠠᠨ ᠬᠤᠷᠤᠭᠤᠳ ᠨᠢ ᠶᠠᠰᠤ ᠦᠭᠡᠶ ᠶ‍ᠤᠮᠰᠢᠭ ᠨᠠᠭᠢᠯᠵᠠᠳᠠᠭ

ᠳᠠᠩᠰᠤᠭ ᠪᠠᠶᠠᠨ ᠪᠠᠢ᠌ᠭᠠᠯᠢ ᠪᠠᠷ ᠶᠢᠡᠨ ᠳᠠᠢ᠌ᠵᠠ ᠪᠣᠯᠭᠠᠨ ᠪᠦᠵᠢᠭ᠍ᠰᠡᠨ

ᠳᠠᠯ᠎ᠠ ᠶᠢᠨ ᠮᠤᠩᠭ᠋ᠤᠯ ᠪᠦᠵᠢᠭ᠍ᠴᠢᠨ ᠪᠦᠰᠡᠭᠦᠢ


ᠪᠣᠳᠤᠭᠤ ᠪᠠᠨ ᠭᠤᠯᠤᠭᠰᠠᠨ ᠢᠩᠭᠡ ᠶᠢ ᠪᠣᠢ᠌ᠯᠠ ᠶᠢ ᠨᠢ ᠣᠶᠠᠷᠠᠳᠠᠯ᠎ᠠ ᠳᠠᠭᠤᠯᠠᠳᠠᠭ

ᠳᠤᠳᠤᠭᠤ ᠪᠠᠨ ᠭᠠᠩᠳᠠᠳᠠᠯ᠎ᠠ ᠭᠦᠯᠢᠶᠡᠵᠤ ᠠᠮᠠᠷᠠᠭ ᠤᠨ ᠳᠠᠭᠤᠤ ᠠᠶᠠᠯᠤᠭᠰᠠᠨ

ᠳᠠᠯᠠᠢ ᠠᠯᠭᠠᠰᠤᠵᠤ ᠳᠢᠪ ᠳᠠᠮᠵᠢᠨ ᠣᠶᠠᠩᠭ᠋᠎ᠠ ᠡᠷᠭᠦᠭ᠍ᠰᠡᠨ

ᠨᠠᠯᠠᠢ ᠮᠤᠩᠭ᠋ᠤᠯ ᠤᠨ ᠳᠠᠭᠤᠴᠢᠨ ᠪᠦᠰᠡᠭᠦᠢ


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ

ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ