ᠨᠡᠪᠲᠡᠷᠡᠨ ᠤᠷᠤᠬᠤ
ᠭᠤ᠋·ᠮᠢᠩᠭ᠋ᠠᠠᠪᠠᠶᠠᠷ ᠤᠨ ᠰᠢᠯᠦᠭ᠌ ᠡᠴᠡ

ᠬᠠᠳᠤᠨ ᠭᠤᠤᠯ ᠤᠨ ᠣᠶᠠᠩᠭ᠋᠎ᠠ


ᠮᠤᠨᠢ ᠠᠭᠤᠯᠠ ᠶᠢᠨ ᠡᠩᠭᠡᠷ ᠲᠤ

ᠮᠥᠩᠭᠦᠨ ᠯᠤᠤ ᠳᠤᠭᠯᠠᠨ ᠪᠠᠢ᠌ᠨ᠎ᠠ᠂

ᠮᠤᠷᠣᠢ᠌ᠯᠵᠠᠨ ᠵᠢᠱᠢᠭᠦᠯᠵᠡᠨ ᠮᠤᠰᠭᠢᠷᠠᠯᠳᠤᠭᠠᠤᠨ

ᠮᠠᠩᠨᠤᠭ ᠳᠠᠯ᠎ᠠ ᠪᠠᠷ ᠨᠠᠭᠠᠳᠤᠨ ᠪᠠᠢ᠌ᠨ᠎ᠠ᠃

ᠬᠠᠢ᠌ᠷ᠎ᠠ ᠶᠢᠨ ᠳᠤᠳᠤᠷ᠎ᠠ ᠬᠠᠯᠭᠤᠯᠵᠠᠨ ᠪᠠᠢ᠌ᠨ᠎ᠠ

ᠬᠠᠷᠠᠭ᠎ᠠ ᠠᠯᠳᠠᠮ᠎ᠠ ᠨᠠᠯᠤᠯᠵᠠᠨ ᠪᠠᠢ᠌ᠨ᠎ᠠ᠂

ᠬᠤᠯᠠ ᠡᠴᠡ ᠬᠠᠷᠠᠬᠤ ᠳᠤ ᠭᠢᠯᠠᠯᠵᠠᠨ ᠪᠠᠢ᠌ᠨ᠎ᠠ

ᠭᠦᠷᠦᠭᠡᠤᠨ ᠢᠷᠡᠭᠦ ᠳᠤ ᠵᠢᠯᠠᠪᠠᠯᠵᠠᠨ ᠪᠠᠢ᠌ᠨ᠎ᠠ᠃

ᠭᠦᠪᠪᠤᠰ ᠭᠦᠪᠪᠤᠰ ᠭᠦᠪᠪᠦᠯᠵᠡᠨ ᠪᠠᠢ᠌ᠨ᠎ᠠ

ᠭᠦᠪᠦᠩ ᠡᠭᠦᠯᠡ ᠰᠢᠭ᠌ ᠭᠦᠷᠪᠠᠯᠵᠡᠨ ᠪᠠᠢ᠌ᠨ᠎ᠠ᠂

ᠭᠦᠭᠡᠰᠤ ᠭᠠᠷᠤᠭᠠᠤᠨ ᠭᠦᠪᠰᠦᠭᠢᠨᠡᠨ ᠪᠠᠢ᠌ᠨ᠎ᠠ

ᠭᠦᠭᠡᠷᠦᠭ᠍ᠰᠡᠨ ᠠᠢ᠌ᠷᠠᠭ ᠰᠢᠭ ᠰᠠᠭᠠᠯᠵᠠᠨ ᠪᠠᠢ᠌ᠨ᠎ᠠ᠃

ᠰᠥᠯᠡᠭᠡᠤᠨ ᠰᠠᠮᠤᠭᠰᠠᠨ ᠴᠠᠢ ᠰᠢᠭ᠌ ᠪᠠᠢ᠌ᠨ᠎ᠠ

ᠰᠢᠷᠭᠠᠯᠳᠤᠭᠰᠠᠨ ᠢᠳᠡᠭᠡᠨ ᠬᠠᠷᠠᠭᠳᠠᠨ ᠪᠠᠢ᠌ᠨ᠎ᠠ᠂

ᠰᠥᠷᠦᠭ᠌ ᠵᠤᠵᠠᠭᠠᠨ ᠬᠤᠨᠢᠳ ᠰᠢᠭ ᠪᠠᠢ᠌ᠨ᠎ᠠ

ᠰᠤᠪᠣᠬᠤ ᠨᠢᠷᠤᠭᠤᠳ ᠨᠢ ᠪᠦᠮᠪᠦᠯᠵᠡᠨ ᠪᠠᠢ᠌ᠨ᠎ᠠ᠃

ᠰᠤᠨᠤᠨ ᠰᠤᠨᠤᠨ ᠰᠤᠨᠤᠯᠵᠠᠨ ᠪᠠᠢ᠌ᠨ᠎ᠠ

ᠱᠤᠩᠭ᠋ᠤᠭ᠎ᠠ ᠵᠢᠷᠤᠭ᠎ᠠ ᠵᠢᠷᠪᠠᠯᠵᠠᠨ ᠪᠠᠢ᠌ᠨ᠎ᠠ᠂

ᠰᠣᠢ᠌ᠯᠭ᠎ᠠ ᠠᠪᠣᠭᠰᠠᠨ ᠠᠳᠤᠭᠤᠳ ᠰᠢᠭ ᠪᠠᠢ᠌ᠨ᠎ᠠ

ᠰᠤᠠᠵᠤ ᠣᠷᠤᠯᠳᠤᠭᠠᠤᠨ ᠳᠠᠪᠭᠢᠯᠳᠤᠨ ᠪᠠᠢ᠌ᠨ᠎ᠠ᠃

ᠪᠣᠭᠤᠷᠤᠯ ᠰᠠᠷᠠᠯ ᠶᠢᠡᠷ ᠪᠣᠷᠭᠢᠯᠤᠨ ᠪᠠᠢ᠌ᠨ᠎ᠠ

ᠪᠣᠤᠠᠭᠢᠷᠤᠨ ᠬᠤᠤᠠᠬᠤᠷᠠᠨ ᠪᠣᠯᠤᠩᠭ᠋ᠤᠷᠠᠨ ᠪᠠᠢ᠌ᠨ᠎ᠠ᠂

ᠪᠣᠤᠷᠠᠨ ᠳᠡᠮᠡᠭᠡ ᠬᠠᠪᠰᠢᠬᠤ ᠰᠢᠭ ᠪᠠᠢ᠌ᠨ᠎ᠠ

ᠪᠣᠰᠤᠭ᠎ᠠ ᠪᠦᠭᠡ ᠨᠢ ᠰᠠᠵᠢᠯᠠᠬᠤ ᠰᠢᠭ᠌ ᠪᠠᠢ᠌ᠨ᠎ᠠ᠃

ᠪᠦᠯᠦᠭ᠌ ᠪᠦᠯᠦᠭ᠌ ᠶᠢᠡᠷ ᠨᠦᠷᠢᠯᠳᠤᠨ ᠪᠠᠢ᠌ᠨ᠎ᠠ

ᠪᠦᠭᠦᠮ ᠪᠦᠭᠦᠮ ᠶᠢᠡᠷ ᠳᠦᠯᠭᠢᠯᠴᠡᠨ ᠪᠠᠢ᠌ᠨ᠎ᠠ᠂

ᠪᠣᠬᠠᠨ ᠥᠭᠡᠷ ᠤᠳ ᠮᠥᠷᠭᠦᠯᠳᠦᠭᠦ ᠰᠢᠭ᠌ ᠪᠠᠢ᠌ᠨ᠎ᠠ

ᠪᠦᠳᠦᠭᠦᠨ ᠡᠪᠠᠷ ᠨᠢ ᠰᠡᠵᠢᠯᠡᠭᠦ ᠰᠢᠭ᠌ ᠪᠠᠢ᠌ᠨ᠎ᠠ᠃

ᠡᠷᠭᠢᠨ ᠡᠷᠭᠢᠨ ᠡᠪᠭᠡᠷᠡᠨ ᠪᠠᠢ᠌ᠨ᠎ᠠ

ᠡᠭᠡᠷᠦᠯ ᠰᠢᠤᠬᠠᠨ ᠡᠷᠭᠢᠯᠳᠤᠨ ᠪᠠᠢ᠌ᠨ᠎ᠠ᠂

ᠢᠷᠮᠡᠭ᠌ ᠭᠦᠪᠠᠭᠡ ᠳᠡᠭᠡᠨ ᠴᠠᠯᠭᠢᠨ ᠪᠠᠢ᠌ᠨ᠎ᠠ

ᠡᠷᠭᠢ ᠪᠠᠨ ᠢᠳᠡᠭᠡᠤᠨ ᠪᠣᠯᠭᠢᠯᠠᠨ ᠪᠠᠢ᠌ᠨ᠎ᠠ᠃

ᠰᠦᠮᠪᠦᠷ ᠠᠭᠤᠯᠠ ᠶᠢ ᠬᠤᠷᠮᠣᠢ᠌ᠳᠠᠨ ᠪᠠᠢ᠌ᠨ᠎ᠠ

ᠰᠦᠨᠢ ᠡᠳᠦᠷ ᠦᠭᠡᠶ ᠱᠤᠭᠰᠢᠯᠳᠤᠨ ᠪᠠᠢ᠌ᠨ᠎ᠠ᠂

ᠰᠦᠨ ᠳᠠᠯᠠᠢ ᠶᠢ ᠴᠢᠭ᠍ᠯᠡᠨ ᠪᠠᠢ᠌ᠨ᠎ᠠ

ᠰᠢᠷᠦᠭᠦᠨ ᠪᠣᠴᠠᠯᠤᠭᠠᠤᠨ ᠶᠠᠭᠠᠷᠠᠯᠳᠠᠢ ᠪᠠᠢ᠌ᠨ᠎ᠠ᠃


ᠰᠠᠢ᠌ᠬᠠᠨ ᠳᠠᠯ᠎ᠠ


ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠠᠴᠤᠷᠠᠭ ᠨᠠᠷᠠ ᠨᠢ ᠬᠤᠷᠴᠠᠯᠢᠭ ᠶᠤᠮ ᠪᠠᠢ᠌ᠨ᠎ᠠ᠂

ᠰᠢᠯᠢ ᠶᠢᠨ ᠳᠤᠮᠳᠠ ᠪᠠᠨ ᠨᠠᠭᠠᠳᠤᠨ ᠳᠤᠭᠯᠠᠭᠰᠠᠨ

ᠰᠢᠯᠤᠨ ᠪᠣᠰᠤᠭ᠎ᠠ ᠵᠡᠷᠭᠡᠯᠭᠡᠨ ᠲᠡᠶ ᠶᠤᠮ ᠪᠠᠢ᠌ᠨ᠎ᠠ᠃

ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠤᠪᠣᠤᠨ ᠴᠠᠭᠠᠨ ᠬᠤᠨᠢᠳ ᠲᠡᠶ ᠶᠤᠮ ᠪᠠᠢ᠌ᠨ᠎ᠠ᠂

ᠰᠥᠷᠦᠭ᠌ ᠵᠤᠵᠠᠭᠠᠨ ᠠᠳᠤᠭᠤᠳ ᠲᠡᠶ ᠶᠤᠮ ᠪᠠᠢ᠌ᠨ᠎ᠠ

ᠱᠢᠷᠤᠨ ᠣᠯᠠᠭᠠᠨ ᠥᠭᠡᠷ ᠲᠡᠶ ᠶᠤᠮ ᠪᠠᠢ᠌ᠨ᠎ᠠ᠃

ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠠᠢ᠌ᠷ ᠤᠨ ᠣᠪᠣᠭᠠᠨ ᠳᠠᠭᠠᠨ ᠵᠤᠰᠠᠭᠠᠯ ᠲᠡᠶ ᠶᠤᠮ ᠪᠠᠢ᠌ᠨ᠎ᠠ᠂

ᠰᠢᠨᠡᠭᠡᠨ ᠭᠡᠷ ᠤᠳ ᠨᠢ ᠣᠯᠠᠨ ᠶᠤᠮ ᠪᠠᠢ᠌ᠨ᠎ᠠ

ᠰᠠᠭᠠᠯᠢ ᠰᠦ᠋ ᠪᠠᠷ ᠡᠯᠪᠠᠭ᠌ ᠴᠤ ᠶᠤᠮ ᠪᠠᠢ᠌ᠨ᠎ᠠ

ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠠᠭᠠᠯᠴᠢᠨ ᠪᠦᠰᠡᠭᠦᠢ ᠨᠢ ᠳᠠᠭᠤᠴᠢᠨ ᠶᠤᠮ ᠪᠠᠢ᠌ᠨ᠎ᠠ᠃

ᠰᠠᠷᠠᠭᠤᠯᠬᠠᠨ ᠴᠢᠷᠠᠢ᠌ᠯᠠᠭ ᠵᠢᠰᠦᠷᠭᠡᠭ᠌ ᠶᠤᠮ ᠪᠠᠢ᠌ᠨ᠎ᠠ

ᠰᠠᠨᠠᠭ᠎ᠠ ᠪᠣᠳᠤᠯ ᠨᠢ ᠪᠠᠶᠠᠨ ᠴᠤ ᠶᠤᠮ ᠪᠠᠢ᠌ᠨ᠎ᠠ᠃

ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠠᠨᠰᠠᠷ ᠬᠤᠷᠸ᠎ᠠ ᠨᠢ ᠳᠤᠩᠭ᠋ᠠᠯᠠᠭ ᠶᠤᠮ ᠪᠠᠢ᠌ᠨ᠎ᠠ

ᠰᠠᠷᠠ ᠨᠢ ᠳᠦᠭᠡᠷᠢᠮᠡᠷ ᠨᠡᠯᠦᠭᠡᠷ ᠶᠤᠮ ᠪᠠᠢ᠌ᠨ

ᠰᠠᠯᠭᠢᠨ ᠨᠢ ᠪᠠᠰᠠ ᠴᠡᠪᠠᠷᠭᠡᠨ ᠶᠤᠮ ᠪᠠᠢ᠌ᠨ᠎ᠠ᠃

ᠰᠠᠢ᠌ᠬᠠᠨ ᠳᠠᠯ᠎ᠠ ᠰᠠᠢ᠌ᠬᠠᠨ ᠶᠤᠮ ᠪᠠᠢ᠌ᠨ᠎ᠠ

ᠰᠤᠭᠤᠨᠠᠭ ᠳᠠᠳᠠᠭᠰᠠᠨ ᠵᠠᠮ ᠲᠡᠶ ᠶᠤᠮ ᠪᠠᠢ᠌ᠨ᠎ᠠ᠂

ᠰᠠᠤᠠᠭᠢᠯ ᠱᠤᠩᠭ᠋ᠤᠭᠠᠨ ᠳᠠᠪᠭᠢᠭᠠᠤᠨ ᠢᠷᠡᠭᠦ ᠳᠤ

ᠰᠠᠨᠠᠭᠰᠠᠨ ᠭᠠᠵᠠᠷ ᠨᠢ ᠣᠢ᠌ᠷᠬᠠᠨ ᠶᠤᠮ ᠪᠠᠢ᠌ᠨ᠎ᠠ᠃


ᠡᠷᠢᠶᠡᠨ ᠬᠤᠳᠠ ᠳᠤ ᠣᠴᠢᠭᠠᠤᠨ


ᠶ‍ᠢᠰᠤᠨ ᠰᠠᠷ᠎ᠠ ᠶᠢᠨ ᠰᠠᠢ᠌ᠬᠠᠨ ᠵᠢᠠᠷ

ᠡᠷᠢᠶᠡᠨ ᠬᠤᠳᠠ ᠳᠤ ᠨᠢᠭᠡ ᠣᠴᠢᠯ᠎ᠠ᠂

ᠡᠷᠢᠶᠡᠨ ᠨᠠᠭᠤᠷ ᠤᠨ ᠡᠷᠭᠢ ᠳᠡᠭᠡᠷ᠎ᠡ

ᠡᠷᠢᠶᠡᠨ ᠠᠯᠠᠭ ᠬᠤᠷᠸ᠎ᠠ ᠪᠠᠢ᠌ᠨ᠎ᠠ᠃

ᠠᠪᠣᠷᠭᠤ ᠭᠦᠷᠪᠠᠯ ᠤᠨ ᠰᠢᠭᠤᠮᠠᠯ ᠨᠢ

ᠠᠮᠢᠳᠠᠢ ᠰᠢᠭ ᠶᠢᠡᠨ ᠵᠤᠭᠰᠤᠵᠤ ᠪᠠᠢ᠌ᠨ᠎ᠠ᠂

ᠠᠮᠠ ᠬᠠᠮᠠᠷ ᠶᠢᠡᠨ ᠨᠡᠢ᠌ᠯᠡᠭᠦᠯᠦᠭᠡᠤᠨ

ᠦᠨᠦᠰᠤᠯᠴᠠᠵᠤ ᠪᠠᠢ᠌ᠮᠠᠷ ᠬᠠᠷᠠᠭᠳᠠᠵᠤ ᠪᠠᠢ᠌ᠨ᠎ᠠ᠃

ᠨᠠᠢ᠌ᠵᠠ ᠨᠥᠭᠦᠤᠨ ᠲᠡᠭᠡᠨ ᠠᠭᠤᠯᠵᠠᠭᠠᠤᠨ

ᠨᠠᠢ᠌ᠷᠰᠠᠭ ᠨᠠᠩᠰᠤᠯᠴᠠᠭᠠᠤᠨ ᠨᠠᠭᠠᠳᠤᠯ᠎ᠠ᠂

ᠨᠠᠳᠠ ᠳᠤ ᠦᠭ‍ᠭᠦᠭ᠍ᠰᠡᠨ ᠳᠤᠷᠠᠰᠤᠮᠵᠢ

ᠨᠠᠰᠤᠨ ᠳᠤ ᠮᠠᠷᠳᠠᠭᠳᠠᠰᠢ ᠦᠭᠡᠶ ᠰᠠᠭᠤᠭᠳᠠᠯ᠎ᠠ᠃

ᠰᠤᠯᠤᠩᠭ᠋ᠤᠨ ᠭᠦᠭᠦᠷᠭᠡ ᠨᠢ ᠰᠤᠨᠢᠬᠠᠨ ᠪᠠᠢ᠌ᠨ᠎ᠠ

ᠰᠤᠨᠤᠷ ᠥᠩᠭᠡᠳᠡᠢ ᠭᠤᠶᠤᠬᠠᠨ ᠪᠠᠢ᠌ᠨ᠎ᠠ᠂

ᠰᠤᠯᠢᠯᠴᠠᠭᠠᠨ ᠤ ᠭᠠᠵᠠᠷ ᠨᠢ ᠭᠠᠢ᠌ᠬᠠᠯᠳᠠᠢ ᠪᠠᠢ᠌ᠨ᠎ᠠ

ᠰᠤᠪᠣᠤᠨ ᠰᠤᠠᠳᠤᠷ ᠶᠢᠡᠷ ᠡᠯᠪᠠᠭ᠌ ᠪᠠᠢ᠌ᠨ᠎ᠠ᠃

ᠣᠯᠤᠰ ᠤᠨ ᠡᠭᠦᠳᠡᠨ ᠳ᠋ᠤᠨᠢ ᠭᠦᠷᠦᠯ᠎ᠡ

ᠠᠼᠢᠶ᠎ᠠ ᠳᠢᠪ ᠲᠡᠭᠡᠨ ᠠᠭᠤᠤ ᠶᠤᠮ ᠪᠠᠢ᠌ᠨ᠎ᠠ᠂

ᠠᠴᠢᠶᠠᠨ ᠳᠡᠷᠭᠡ ᠨᠤᠭᠦᠤᠨ ᠵᠥᠷᠢᠯᠳᠦᠭᠡᠤᠨ

ᠠᠷᠤ ᠶᠢᠨ ᠭᠡᠢ᠌ᠴᠢᠨ ᠨᠢ ᠠᠷᠪᠢᠨ ᠪᠠᠢ᠌ᠨ᠎ᠠ᠃

ᠨᠡᠭᠡᠭᠡᠯᠳᠡ ᠶᠢᠨ ᠣᠷᠤᠨ ᠤ ᠭᠠᠵᠠᠷ ᠶᠤᠮ ᠭᠡᠨ᠎ᠡ

ᠨᠡᠭᠡᠭᠡᠭ᠍ᠰᠡᠨ ᠡᠭᠦᠳᠡ ᠪᠠᠷ ᠨᠢ ᠣᠷᠤᠯ᠎ᠠ᠂

ᠨᠢᠯᠬᠠᠰᠠᠭ ᠵᠢᠭᠠᠬᠠᠨ ᠭᠡᠦᠭᠡᠡᠴᠦᠦᠯ ᠤᠨ

ᠨᠢᠴᠦᠭᠦᠨ ᠪᠦᠵᠢᠭᠯᠡᠭᠦ ᠶᠢ ᠨᠢ ᠦᠵᠡᠯ᠎ᠠ᠃

ᠠᠯᠢᠶ᠎ᠠ ᠦᠬᠢᠠᠴᠦᠳ ᠣᠯᠠᠨ ᠪᠠᠢ᠌ᠨ᠎ᠠ

ᠠᠭᠠᠯᠢ ᠭᠠᠷᠭᠠᠭᠠᠤᠨ ᠢᠨᠢᠶᠠᠵᠤ ᠪᠠᠢ᠌ᠨ᠎ᠠ᠃

ᠠᠭᠠᠰᠢ ᠵᠠᠩ ᠶᠢᠡᠨ ᠮᠡᠳᠡᠯᠴᠡᠭᠦ ᠦᠭᠡᠶ ᠴᠤ

ᠠᠬᠠᠰ ᠲ᠋ᠡᠭᠦᠨᠡᠷ ᠰᠢᠭ᠌ ᠳᠤᠳᠤᠨᠤᠰᠤᠭ ᠪᠠᠢ᠌ᠨ᠎ᠠ᠃

ᠡᠷᠢᠶᠡᠨ ᠨᠠᠭᠤᠷ ᠶᠢᠡᠷ ᠨᠢ ᠵᠤᠭᠠᠴᠢᠯ᠎ᠠ

ᠡᠷᠳᠡᠨ ᠤ ᠳᠤᠮᠤᠭ ᠨᠢ ᠳᠤᠳᠤᠷᠬᠠᠢ ᠪᠠᠢ᠌ᠨ᠎ᠠ᠂

ᠠᠪᠣᠷᠭᠤ ᠭᠦᠷᠪᠠᠯ ᠤᠨ ᠴᠢᠯᠠᠭᠤᠵᠢᠮᠠᠯ ᠤᠳ

ᠠᠩᠬᠠᠨ ᠤ ᠳᠡᠦᠭᠡ ᠪᠠᠨ ᠶᠠᠷᠢᠵᠤ ᠯᠠ ᠪᠠᠢ᠌ᠨ᠎ᠠ᠃

ᠵᠤᠬᠢᠶᠠᠭᠴᠢ᠄ ᠭᠤ᠋·ᠮᠢᠩᠭ᠋ᠠᠠᠪᠠᠶᠠᠷ
ᠢᠷᠡᠯᠲᠡ᠄ ᠰᠠᠮᠪᠠᠷ᠎ᠠ ᠡᠴᠡ ᠰᠢᠯᠢᠪᠠ (ᠰᠠᠯᠭᠢᠨ)
ᠬᠠᠷᠢᠶ᠎ᠠ᠄ ᠰᠢᠯᠦᠭ
ᠳᠠᠷᠤᠮ᠄ 5295
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ