ᠨᠡᠪᠲᠡᠷᠡᠨ ᠤᠷᠤᠬᠤ
ᠵᠢᠷᠭᠠᠯ ᠶᠠᠭᠤ︖

ᠡᠨᠡ ᠦᠳᠡ ᠳᠤ ᠳᠠᠢ᠌ᠯᠠᠯᠭ᠎ᠠ ᠲᠡᠶ ᠭᠡᠳ ᠶᠠᠪᠣᠬᠤ ᠳᠤ ᠪᠠᠨ ᠪᠢ

ᠡᠷᠭᠡ ᠦᠭᠡᠶ ᠡᠷᠭᠢᠵᠤ ᠬᠠᠷᠠᠭᠰᠠᠨ ᠶᠤᠮ

ᠡᠩᠭᠦᠷᠡᠢ ᠭᠦᠤ ᠪᠠᠨ ᠠᠷᠭᠠᠳᠠᠵᠤ ᠴᠢ ᠠᠭᠠᠵᠢᠮ ᠬᠤᠯᠠᠳᠠᠭᠰᠠᠨ ᠶᠤᠮ

ᠡᠷᠭᠢᠨ ᠡᠷᠭᠢᠨ ᠬᠠᠷᠠᠬᠤ ᠳᠤ ᠮᠢᠨᠢ

ᠠᠯᠬᠤᠭ᠎ᠠ ᠴᠢᠨᠢ ᠣᠳᠠᠭᠠᠰᠢᠷᠠᠭᠰᠠᠨ ᠰᠢᠭ ᠰᠠᠨᠠᠭᠳᠠᠨ᠎ᠠ

ᠭᠡᠭᠡᠭᠡᠨ ᠴᠡᠯᠮᠡᠭ᠌ ᠳᠡᠭ᠍ᠷᠢ

ᠭᠡᠨᠡᠳᠲᠡ ᠪᠣᠷᠤᠭᠠᠯᠠᠬᠤ ᠰᠢᠭ ᠨᠢᠳᠤ ᠴᠢᠭᠢᠭ᠍ᠳᠤᠨ᠎ᠡ ᠁


ᠡᠵᠢ ᠬᠠᠮᠢᠭ᠎ᠠ ᠶᠠᠪᠣᠨᠠᠮ ᠭᠡᠵᠤ

ᠡᠷᠪᠠᠢ ᠭᠦᠤ ᠮᠢᠨᠢ ᠥᠭᠡᠢ᠌ᠯᠡᠨ᠎ᠡ

ᠬᠤᠳᠠᠯ ᠶᠠᠷᠢᠵᠤ ᠴᠢᠳᠠᠬᠤ ᠦᠭᠡᠶ ᠴᠢ ᠮᠢᠨᠢ

ᠬᠠᠷᠠᠴᠠ ᠪᠣᠷᠤᠭᠤᠯᠠᠨ ᠭᠦᠤ ᠪᠠᠨ ᠬᠠᠭᠤᠷᠤᠨ᠎ᠠ


ᠠᠷᠢᠭᠢᠨ ᠰᠢᠷᠡᠭᠡᠨ ᠳᠤ ᠡᠵᠢ ᠴᠢᠨᠢ

ᠠᠢ᠌ᠯ ᠤᠨ ᠠᠪᠠᠭ᠎ᠠ᠂ ᠠᠨᠢᠶ᠎ᠠ ᠲᠡᠶ ᠴᠢᠨᠢ ᠁ ᠭᠡᠵᠤ

ᠬᠤᠩᠭ᠋ᠤᠷ ᠦᠷ᠎ᠡ ᠳᠤ ᠪᠠᠨ

ᠴᠢ ᠮᠢᠨᠢ ᠭᠡᠯᠡᠭᠦ ᠥᠭᠡᠢ

ᠬᠡᠦᠬᠡᠳ ᠤᠨ ᠰᠡᠳᠭᠢᠯ ᠳᠤ ᠰᠠᠪ ᠥᠭᠡᠢ

ᠬᠡᠦᠬᠡᠳ ᠤᠨ ᠶ‍ᠢᠷᠳᠢᠠᠴᠤ ᠳᠤ ᠠᠷᠢᠭᠢ ᠨᠠᠩ ᠥᠭᠡᠢ


ᠳᠤᠭᠤᠷᠢᠭ ᠰᠢᠷᠡᠭᠡᠨ ᠳᠤ ᠡᠵᠢ ᠨᠢ ᠰᠢᠯᠦᠭ᠍ᠴᠢ ᠴᠤ

ᠳᠤᠭᠤᠷᠢᠭᠰᠠᠨ ᠣᠯᠠᠨ ᠳᠤ ᠪᠠᠨ ᠡᠵᠢ ᠨᠢ ᠳᠠᠭᠢᠨᠢ ᠪᠢᠰᠢ

ᠳᠤᠭᠤᠨᠤᠳᠤ ᠭᠡᠷ ᠲᠤ ᠪᠠᠨ ᠳᠠ ᠬᠤᠶᠠᠭᠤᠯᠠ ᠪᠠᠨ ᠯᠠ

ᠳᠤᠭᠤᠵᠤ ᠨᠠᠮ᠎ᠠ ᠪᠠᠨ ᠳᠠᠭᠤᠯᠠᠮᠠᠷ ᠰᠢᠳᠤᠨ᠎ᠡ


ᠠᠯᠠᠭ ᠲᠡᠶ ᠪᠣᠯᠠᠭ ᠲᠡᠶ ᠬᠤᠷᠸ᠎ᠠ ᠳᠤ ᠪᠠᠨ

ᠠᠮᠢᠳᠤᠷᠠᠵᠤ ᠪᠦᠳᠦᠴᠢᠵᠤ ᠡᠵᠢ ᠨᠢ ᠶᠠᠪᠣᠨ᠎ᠠ

ᠠᠵᠠ ᠶᠢᠨ ᠠᠯᠳᠠᠨ ᠲᠦᠯᠭᠢᠭᠦᠷ ᠢ

ᠠᠯᠠᠭᠠᠨ ᠳᠤ ᠪᠠᠨ ᠠᠳᠬᠤᠬᠤ ᠭᠡᠵᠤ ᠮᠠᠷᠠᠢ᠌ᠨ᠎ᠡ᠂᠂


ᠠᠢ᠂ ᠳᠡᠭᠡᠭᠦ ᠳ᠋ᠤ

ᠠᠮᠠᠷᠠᠭ ᠴᠢ ᠮᠢᠨᠢ︕

ᠠᠭᠢᠭᠠᠤᠨ ᠣᠯᠳᠠᠬᠤ ᠦᠭᠡᠶ ᠬᠠᠢ᠌ᠷ᠎ᠠ ᠶᠢᠨ ᠰᠠᠭᠢᠭᠤᠰᠤ ᠡ

ᠠᠷᠢᠭᠤᠨ ᠳᠤᠷᠠᠯᠠᠯ ᠤᠨ ᠮᠢᠨᠢ ᠭᠦᠰᠢᠭᠡ ᠶᠢ ᠢᠷᠠᠭᠰᠠᠨ ᠬᠠᠯᠠᠭᠤᠨ ᠭᠠᠷ ᠡ

ᠠᠩᠭᠢᠯᠤᠮ᠎ᠠ ᠴᠡᠴᠡᠭ᠌ ᠤᠨ ᠦᠨᠦᠷ ᠦᠷᠦᠭᠡᠨ ᠳᠤ ᠬᠠᠩᠬᠤᠯᠤᠭᠰᠠᠨ ᠷᠤᠮᠠᠠᠲ᠋ᠢᠭ ᠦᠷᠯᠦᠭᠡ ᠡ

ᠠᠮᠢᠳᠤᠷᠠᠯ ᠤᠨ ᠵᠠᠮ ᠳᠤ ᠬᠠᠮᠳᠤᠪᠠᠷ ᠥᠳᠡᠯᠭᠦ ᠶᠢᠨ ᠦᠨᠡᠨ ᠮᠦᠨ ᠵᠢᠷᠤᠬ᠎ᠠ


ᠬᠤᠷᠤᠮᠬᠠᠨ ᠵᠠᠭᠤᠷ᠎ᠠ ᠶᠢᠨ ᠥᠩᠭᠡᠳᠤ ᠰᠤᠯᠤᠩᠭ᠎ᠠ

ᠬᠤᠶᠠᠷ ᠴᠤ ᠣᠳᠠᠭ᠎ᠠ ᠡᠯᠭᠦᠭ᠍ᠳᠡᠭᠦ ᠪᠢᠰᠢ

ᠬᠤᠤᠰᠯᠠᠨ ᠵᠢᠷᠭᠠᠬᠤ ᠶᠢᠨ ᠠᠮᠠᠷᠠᠭ ᠵᠠᠶᠠᠭ᠎ᠠ

ᠬᠤᠶᠠᠷ ᠴᠤ ᠣᠳᠠᠭ᠎ᠠ ᠲᠤᠬᠢᠶᠠᠯᠳᠤᠬᠤ ᠪᠢᠰᠢ


ᠠᠢ᠂ ᠭᠦᠭᠡᠷᠦᠭᠦᠢ

ᠠᠮᠠᠷᠠᠭ ᠬᠠᠢ᠌ᠷ᠎ᠠ ᠮᠢᠨᠢ

ᠦᠩᠭᠡᠨ ᠳᠠᠳᠤᠢ ᠪᠠᠬᠠᠷᠬᠠᠯ ᠳᠤ ᠪᠢᠰᠢ

ᠥᠭᠡᠨ ᠤ ᠳᠠᠳᠤᠢ ᠮᠠᠭᠳᠠᠭᠠᠯ ᠳᠤ ᠪᠢᠰᠢ

ᠦᠨᠡᠨ ᠵᠢᠷᠦᠭᠡᠨ ᠤ ᠬᠠᠢ᠌ᠷᠠᠨ ᠳᠤ ᠪᠠᠨ ᠯᠠ

ᠦᠶ᠎ᠡ ᠶᠢᠨ ᠦᠶ᠎ᠡ ᠳᠤ ᠮᠥᠩᠭᠡᠷᠡᠳᠡᠭ᠌ ᠪᠠᠢ᠌ᠵᠠᠢ ᠡ


ᠪᠣᠷᠤᠭᠠᠨ ᠠᠷᠢᠯᠵᠤ ᠰᠤᠯᠤᠩᠭ᠎ᠠ ᠳᠡᠭ᠍ᠳᠡᠳᠡᠭ᠌ ᠴᠤ

ᠪᠣᠴᠠᠭᠠᠤᠨ ᠬᠠᠷᠠᠪᠠᠯ ᠭᠤᠨᠢᠭ ᠮᠠᠷᠳᠠᠭᠳᠠᠬᠤ ᠥᠭᠡᠢ

ᠪᠣᠳᠤᠯ ᠳᠤ ᠬᠤᠨᠤᠭᠰᠭᠰᠠᠨ ᠥᠭᠡ᠂ ᠠᠭᠤᠷ ᠪᠣᠭᠢᠨᠢᠳᠤᠯ ᠪᠦᠭᠦᠨ ᠶᠢᠡᠨ

ᠭᠡᠯᠡᠭᠡᠳ ᠯᠠ ᠪᠠᠢ᠌ᠬᠤ ᠶᠠᠮᠠᠷ ᠭᠦᠮᠤᠨ ᠪᠦᠭᠦᠨ ᠨᠠᠢ᠌ᠵᠠ ᠴᠢᠨᠢ ᠪᠢᠰᠢ


ᠠᠷᠢᠭᠢᠨ ᠬᠠᠯᠠᠭᠤᠨ ᠶᠢᠡᠷ ᠳᠠᠭᠤᠤ ᠳᠠᠭᠤᠯᠠᠵᠤ ᠪᠣᠯᠳᠠᠭ ᠴᠤ

ᠠᠷᠢᠭᠤᠨ ᠰᠡᠳᠭᠢᠯ ᠤᠨ ᠵᠢᠯᠤᠭᠤ ᠶᠢ ᠠᠯᠳᠠᠨ ᠰᠤᠭᠳᠤᠵᠤ ᠪᠣᠯᠬᠤ ᠦᠦ︖

ᠠᠮᠠᠷᠠᠭ ᠬᠠᠢ᠌ᠷ᠎ᠠ ᠶᠢᠨ ᠰᠢᠯᠦᠭ᠌ ᠣᠶᠠᠩᠭ᠋ᠠᠯᠠᠬᠤ ᠰᠠᠢ᠌ᠬᠠᠨ ᠴᠤ

ᠠᠳᠬᠤᠬᠠᠨ ᠵᠢᠷᠦᠭᠡ ᠪᠠᠨ ᠪᠣᠯᠭᠢᠭᠰᠠᠨ ᠶᠢᠡᠷ ᠨᠢ ᠳᠠᠯᠪᠢᠵᠤ ᠪᠣᠯᠬᠤ ᠦᠦ︖


ᠠᠢ᠂ ᠭᠦᠭᠡᠷᠦᠭᠦᠢ

ᠠᠮᠢᠳᠤᠷᠠᠯ᠂ ᠵᠢᠷᠭᠠᠯ ᠮᠢᠨᠢ

ᠠᠩᠭᠢᠷᠬᠠᠨ ᠰᠠᠷᠠ ᠲᠡᠶ ᠰᠦᠨᠢ ᠶᠢᠨ

ᠨᠢᠯᠤᠭᠤᠬᠠᠨ ᠰᠢᠷᠭᠠᠯ ᠫᠢᠸᠤ᠋ ᠳᠤ ᠪᠢᠰᠢ

ᠠᠶᠠᠷᠬᠠᠨ ᠠᠶᠠᠰ ᠲᠡᠶ ᠭᠦᠭ᠍ᠵᠢᠮ ᠳᠤ ᠪᠢᠰᠢ

ᠠᠯᠢᠶᠠᠷᠬᠠᠵᠤ ᠳᠡᠷᠪᠠᠭᠦ ᠪᠦᠵᠢᠭ᠌ ᠲᠤ ᠪᠢᠰᠢ


ᠳᠡᠭ᠍ᠳᠡᠭᠡᠭᠡᠢ ᠭᠦᠭᠡᠷᠦᠭᠦᠨ ᠦᠷ᠎ᠡ ᠶᠢᠨ ᠮᠢᠨᠢ

ᠳᠡᠭ᠍ᠵᠢᠨ ᠳᠠᠷᠪᠠᠨ ᠠᠭᠠᠰᠢᠨ ᠳᠤ ᠯᠠ ᠪᠣᠢ︕

ᠳᠡᠭᠡᠭ᠍ᠰᠢᠯᠡᠨ ᠮᠠᠠᠳᠤᠭᠰᠠᠨ ᠨᠠᠷᠠᠨ ᠰᠢᠭ ᠳᠡᠷᠭᠡᠯ

ᠳᠡᠯᠡᠭᠡᠢ ᠪᠠᠶᠠᠰᠬᠠᠮ᠎ᠠ ᠦᠷᠦᠭᠡᠨ ᠳᠤ ᠮᠢᠨᠢ ᠯᠠ ᠪᠣᠢ︕


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 07 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ