ᠨᠡᠪᠲᠡᠷᠡᠨ ᠤᠷᠤᠬᠤ
ᠮᠡᠳᠡᠷᠡᠭᠦ ᠬᠤᠷᠸ᠎ᠠ
ᠪᠠᠯᠴᠢᠭᠡᠷ ᠤᠨ ᠳᠤᠮᠳᠠ ᠡᠳᠦᠷ ᠰᠦᠨᠢ ᠦᠭᠡᠶ ᠥᠮᠡᠭᠡᠢ ᠣᠳᠤᠭ᠎ᠠ ᠪᠠᠭᠠᠭᠢᠭᠤᠯᠵᠤ ᠪᠠᠢ᠌ᠭ᠎ᠠ ᠬᠤᠵᠢᠷ ᠤᠨ ᠭᠦᠭᠦᠷ ᠭᠦᠴᠢᠯ ᠤᠨ ᠣᠢ᠌ᠯᠠᠳᠪᠣᠷᠢ ᠶᠢ ᠥᠵᠡᠭᠡᠳ

ᠥᠡᠳᠦᠷ ᠪᠦᠳᠦᠭᠦᠨ ᠬᠤᠯᠠᠩ ᠤᠨ ᠤᠳ ᠣᠳᠤᠭ᠎ᠠ

ᠵᠤᠷᠪᠣᠰ ᠵᠤᠷᠪᠣᠰ ᠡᠩᠨᠡᠷᠡᠭᠡᠳ

ᠣᠭᠳᠠᠷᠭᠤᠢ ᠶᠢᠨ ᠡᠯᠢᠭᠡ ᠶᠢ ᠵᠦᠰᠤᠨ᠎ᠡ᠂

ᠮᠥᠮᠥ ᠶᠢᠨ ᠬᠤᠨᠢᠨ ᠪᠠᠯᠴᠢᠭᠡᠷ ᠡᠴᠠ

ᠡᠳᠦᠷ ᠤᠨ ᠡᠷᠢᠯ ᠭᠦᠷᠳᠡᠯ᠎ᠡ

ᠣᠳᠤᠭ᠎ᠠ ᠳᠤᠭᠤᠰᠤᠨ ᠳᠤ ᠪᠦᠷᠭᠦᠭ᠍ᠳᠡᠨ᠎ᠡ᠃

ᠣᠭᠳᠠᠷᠭᠤᠢ ᠶᠢᠨ ᠭᠦᠨ ᠳ᠋ᠤ

ᠣᠢ᠌ᠯᠤᠨ ᠪᠣᠳᠠᠷᠠᠭᠰᠠᠨ ᠣᠳᠤᠭ᠎ᠠ

ᠡᠴᠦᠰ ᠤᠨ ᠡᠴᠦᠰ ᠲᠡᠭᠡᠨ

ᠦᠨᠡᠰᠤ ᠪᠣᠯᠵᠤ

ᠡᠭᠡ ᠭᠠᠵᠠᠷ ᠳᠠᠭᠠᠨ

ᠭᠡᠢ ᠵᠠᠢ ᠦᠭᠡᠶ ᠪᠠᠭᠤᠨ᠎ᠠ᠃

ᠠᠪᠣ ᠮᠢᠨᠢ

ᠡᠯᠢᠭᠡ ᠪᠠᠨ ᠳᠠᠪᠠᠷᠢᠵᠤ

ᠪᠦᠭ᠍ᠰᠢᠨ ᠬᠠᠨᠢᠶᠠᠯᠭᠠᠭᠠᠤᠨ

ᠡᠭᠦᠳᠡᠨ ᠰᠢᠳᠤ ᠨᠢ ᠣᠭᠠᠯᠵᠠᠯᠠᠭᠰᠠᠨ

ᠬᠤᠨᠢᠳ ᠵᠢᠠᠨ

ᠭᠦᠷᠢᠶᠡᠨ ᠳᠤ ᠬᠠᠭᠠᠭᠠᠤᠨ

ᠳᠠᠭᠢᠵᠤ ᠪᠠᠳᠡᠭᠡᠢ

ᠣᠳᠤᠭ᠎ᠠ ᠲᠡᠶ ᠡᠪᠠᠰᠤ ᠢᠳᠠ ᠭᠡᠵᠤ

ᠬᠤᠨᠢ ᠲᠡᠶ ᠪᠠᠨ ᠭᠡᠯᠡᠯᠴᠡᠭᠡᠳ

ᠰᠢᠩᠭᠡᠨ ᠬᠤᠭᠤᠯᠠ ᠣᠤᠭᠤᠯᠭᠠᠨ᠎ᠠ᠃

ᠡᠵᠢ ᠮᠢᠨᠢ

ᠡᠭᠦᠳᠡ ᠴᠤᠩᠬᠤ ᠪᠠᠨ ᠳᠠᠰ ᠳᠠᠷᠤᠭᠠᠤᠨ

ᠣᠷᠤ ᠳᠡᠭᠡᠷ᠎ᠡ ᠪᠠᠨ ᠭᠡᠪᠳᠡᠭ᠍ᠰᠡᠨ ᠴᠤ

ᠣᠷᠤᠵᠤ ᠭᠠᠷᠬᠤ ᠭᠦᠮᠦᠰ ᠢ

ᠴᠠᠭ ᠴᠠᠭ ᠴᠠᠭᠳᠠᠵᠤ

ᠥᠮᠡᠭᠡᠢ ᠥᠮᠡᠭᠡᠢ ᠭᠡᠭᠦ ᠳ᠋ᠤ

ᠠᠭᠤᠰᠭᠢ ᠨᠢ ᠬᠠᠷᠴᠢᠭᠢᠨᠠᠨ ᠰᠤᠨᠤᠰᠳᠠᠨ᠎ᠠ᠃

ᠡᠭᠡᠴᠢ ᠮᠢᠨᠢ

ᠠᠮᠠᠪᠴᠢ ᠵᠡᠭᠦᠭᠡᠳ

ᠰᠠᠯᠭᠢᠨ ᠳᠤᠯᠤᠭᠠᠢ ᠪᠠᠷᠢᠵᠤ

ᠣᠳᠤᠭᠠᠨ ᠳᠤ ᠬᠠᠷᠠᠯᠠᠭᠰᠠᠨ

ᠬᠤᠨᠢᠳ ᠶᠢᠡᠨ ᠪᠠᠯᠴᠢᠭᠦᠯᠤᠨ᠎ᠡ᠃

ᠨᠠᠷᠠ ᠪᠠᠨ ᠪᠦᠳᠤᠨ ᠮᠠᠠᠳᠤᠬᠤ ᠵᠢ

ᠣᠯᠵᠤ ᠬᠠᠷᠠᠭᠰᠠᠨ ᠥᠭᠡᠢ

ᠮᠠᠯᠴᠢᠳ

ᠦᠳᠡ ᠶᠢᠨ ᠪᠤᠯᠡᠩᠭᠢᠷᠳᠤ ᠨᠠᠷᠠᠨ ᠳ᠋ᠤ

ᠴᠢᠷᠠᠢ ᠨᠢ

ᠪᠣᠷᠤᠯᠠᠭᠰᠠᠨ ᠥᠭᠡᠢ

ᠴᠠᠢ᠌ᠭᠰᠠᠨ ᠪᠠᠢ᠌ᠯ᠎ᠠ᠂

ᠬᠠᠷᠢᠨ

ᠣᠳᠤᠭᠠᠨ ᠳᠤ ᠣᠳᠤᠭᠳᠠᠭᠰᠠᠨ

ᠠᠭᠤᠰᠭᠢ ᠨᠢ

ᠴᠢᠰᠤᠳᠠᠵᠤ ᠳᠤᠯᠪᠣᠳᠠᠵᠤ

ᠬᠠᠷᠠᠯᠠᠭᠰᠠᠨ ᠢ

ᠨᠢᠭᠤᠷ ᠳᠡᠭᠡᠷ᠎ᠡ ᠨᠢ ᠪᠢᠰᠢ

ᠬᠤᠩᠭᠣᠢ᠌ᠭᠰᠠᠨ ᠨᠢᠳᠤᠨ ᠳᠡᠭᠡᠷ᠎ᠡ ᠨᠢ

ᠢᠯᠠᠷᠠᠵᠤ ᠪᠠᠢ᠌ᠯ᠎ᠠ᠃

ᠳᠡᠷᠭᠡᠯ ᠰᠠᠷᠠ ᠪᠠᠨ

ᠭᠡᠭᠡᠨ ᠶᠢᠡᠷ ᠨᠢ ᠣᠯᠵᠤ

ᠥᠵᠡᠭ᠍ᠰᠡᠨ ᠥᠭᠡᠢ

ᠮᠠᠯᠴᠢᠳ

ᠮᠠᠨᠠᠨ ᠳᠤᠭᠤᠰᠤ ᠲᠡᠶ

ᠳᠡᠭ᠍ᠷᠢ ᠳᠡᠭᠡᠨ ᠠᠭᠤᠰᠴᠤ

ᠣᠳᠤᠳ ᠨᠢ

ᠶᠡᠭᠡ ᠬᠤᠯᠠ ᠶᠢᠨ ᠰᠠᠯᠭᠢᠨ ᠳ᠋ᠤ

ᠬᠠᠶᠠ

ᠠᠷᠴᠢᠭᠳᠠᠨ ᠭᠡᠷᠡᠯᠳᠦᠭᠦ ᠳ᠋ᠤ

ᠰᠦ᠋ ᠲᠡᠶ ᠴᠠᠢ ᠪᠠᠨ ᠣᠤᠭᠤᠭᠰᠠᠨ ᠰᠢᠭ ᠵᠢᠠᠨ

ᠳᠤᠳᠤᠷ᠎ᠠ ᠣᠩᠭ᠋ᠣᠢ᠌ᠨ᠎ᠠ᠂

ᠬᠤᠯᠠ ᠶᠢᠨ ᠳᠦᠷᠤᠯ ᠭᠦᠷᠦᠭᠡᠳ ᠢᠷᠡᠭ᠍ᠰᠡᠨ ᠰᠢᠭ᠌ ᠵᠢᠠᠨ

ᠰᠡᠳᠬᠢᠯ ᠪᠠᠶᠠᠰᠳᠠᠭ᠃

ᠬᠤᠷᠭᠤᠯ ᠤᠨ ᠦᠨᠦᠷ ᠵᠢᠠᠨ

ᠣᠯᠵᠤ ᠥᠨᠦᠷᠯᠡᠭ᠍ᠰᠡᠨ ᠥᠭᠡᠢ

ᠮᠠᠯᠴᠢᠳ

ᠣᠳᠤᠭ᠎ᠠ ᠲᠡᠶ ᠡᠪᠠᠰᠤᠨ ᠳ᠋ᠤ

ᠬᠤᠨᠢᠳ ᠨᠢ ᠬᠤᠤᠷᠳᠠᠭᠰᠠᠨ ᠴᠤ

ᠭᠠᠬᠠᠢ ᠰᠢᠭ ᠶᠢᠡᠨ ᠳᠡᠵᠢᠭᠡᠨ᠎ᠡ᠃

ᠡᠷᠡᠭᠦᠯ ᠪᠠᠶ᠎ᠠ ᠨᠢ

ᠬᠤᠤᠷᠳᠤ ᠠᠭᠠᠷ ᠲᠤ ᠭᠡᠮᠳᠦᠭ᠍ᠰᠡᠨ ᠴᠤ

ᠣᠢ᠌ᠯᠠᠷ ᠨᠢ ᠬᠠᠳᠠᠭᠤ ᠶᠤᠮ ᠴᠢᠨᠢ ᠳ᠋ᠠ

ᠳᠤᠭᠤᠯᠵᠤ ᠭᠠᠷᠬᠤ ᠡᠴᠠ

ᠳᠤᠭᠤᠷᠢᠵᠤ ᠭᠠᠷᠴᠤ ᠳᠡᠢ᠌ᠯᠡᠭᠦ ᠦᠭᠡᠶ ᠭᠡᠵᠤ

ᠳᠤᠪ ᠳᠤᠭᠤᠢ ᠰᠠᠭᠤᠨ᠎ᠠ᠃

ᠰᠢᠮᠠᠭᠤᠯ

ᠬᠠᠮᠠᠷ ᠳᠡᠭᠡᠷ᠎ᠡ ᠨᠢ ᠰᠠᠭᠤᠭᠠᠤᠨ

ᠬᠠᠵᠠᠵᠤ ᠪᠠᠢ᠌ᠭᠰᠠᠨ ᠴᠤ

ᠴᠠᠰᠢ ᠪᠠᠨ ᠭᠡᠵᠤ ᠳᠠᠯᠠᠳᠴᠤ ᠭᠦᠭᠡᠭᠡᠭᠦ ᠥᠭᠡᠢ

ᠬᠤᠨᠢ ᠴᠤ ᠭᠦᠭᠡᠷᠦᠭᠦᠢ

ᠴᠢᠨ᠋ᠸ᠎ᠠ ᠴᠤ ᠭᠦᠭᠡᠷᠦᠭᠦᠢ ᠭᠡᠳ

ᠬᠤᠪᠢ ᠪᠠᠨ ᠰᠠᠭᠢᠨ

ᠬᠤᠨᠢ ᠪᠠᠨ ᠬᠠᠷᠢᠭᠤᠯᠤᠨ᠎ᠠ᠃

ᠠᠭᠤᠷᠬᠠᠢ ᠶᠢᠨ ᠬᠠᠤᠯᠢ ᠵᠤᠭᠤᠰ ᠲᠡᠶ ᠶᠤᠮ ᠴᠢᠨᠢ

ᠣᠷᠴᠢᠨ ᠳᠤᠭᠤᠷᠢᠨ ᠤ ᠬᠠᠤᠯᠢ ᠶᠠᠭᠠᠭᠢᠵᠤ ᠴᠤ

ᠴᠢᠳᠠᠬᠤ ᠦᠭᠡᠶ ᠭᠡᠰᠡᠨ

ᠮᠠᠯᠴᠢᠳ

ᠣᠷᠳᠤ ᠡᠴᠠ ᠣᠷᠳᠤ ᠰᠡᠭᠦᠷᠡᠰᠤ ᠠᠯᠳᠠᠭᠠᠤᠨ

ᠬᠤᠳᠠ ᠣᠷᠤᠵᠤ

ᠡᠮᠨᠡᠯᠭᠡ ᠤᠢ᠌ᠷᠠᠳᠤᠨ᠎ᠠ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2012 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ