ᠨᠡᠪᠲᠡᠷᠡᠨ ᠤᠷᠤᠬᠤ
ᠠᠪᠣ ᠶᠢᠨ ᠮᠢᠨᠢ ᠰᠡᠭᠦᠷᠡᠰᠤ

ᠨᠠᠮᠬᠠᠨ ᠭᠦᠳᠦᠯ ᠤᠨ ᠣᠷᠤᠢ ᠳ᠋ᠤ

ᠡᠪᠦᠭᠡᠨ ᠱᠠᠩᠰᠢ ᠱᠤᠤᠭᠢᠬᠤ ᠮᠠᠳᠤ

ᠨᠠᠶᠠ ᠶᠢᠨ ᠨᠠᠮᠳᠠᠷ ᠳᠡᠪᠳᠡᠷᠯᠡᠭ᠍ᠰᠡᠨ

ᠥᠳᠡᠯᠦᠭᠡ ᠠᠪᠣ ᠮᠢᠨᠢ ᠰᠡᠭᠦᠷᠡᠰᠦᠯᠡᠭᠦ ᠪᠣᠯᠪᠠ᠃

ᠬᠠᠪᠣᠷ ᠤᠨ ᠵᠢᠪᠠᠷ ᠤᠨ ᠭᠦᠩᠭᠡᠭᠡᠨ ᠳᠤᠵᠢᠭᠢᠨᠠᠭ᠎ᠠ ᠪᠠᠷ

ᠬᠠᠬᠠᠵᠤ ᠪᠦᠳᠡᠮ᠎ᠡ ᠳᠤᠭᠤᠰᠤ ᠪᠣᠵᠢᠭᠢᠨᠠᠬᠤ ᠳᠤ

ᠬᠠᠭᠤᠷᠠᠢ ᠰᠢᠷᠭᠠᠯ ᠳᠡᠭ᠍ᠷᠢ ᠭᠠᠵᠠᠷ ᠵᠢᠠᠨ

ᠬᠠᠷᠠᠭ᠎ᠠ ᠪᠠᠯᠠᠷᠳᠠᠭᠤᠯᠤᠨ ᠰᠢᠷᠳᠡᠭᠡᠳ ᠰᠡᠭᠦᠷᠡᠰᠦᠯᠡᠪᠡ᠃

ᠳᠠᠷᠢᠶ᠎ᠠ ᠦᠷᠭᠡᠳᠴᠤ ᠳᠠᠯ᠎ᠠ ᠪᠠᠷᠠᠭᠳᠠᠬᠤ ᠪᠠᠷ

ᠮᠠᠯ ᠴᠥᠭᠡᠷᠡᠵᠤ ᠳᠤᠤᠷ ᠠᠷᠪᠢᠳᠤᠬᠤ ᠪᠠᠷ

ᠮᠤᠲ᠋ᠤᠷ ᠣᠯᠠᠳᠠᠵᠤ ᠮᠤᠷᠢ ᠬᠤᠪᠣᠷᠳᠠᠬᠤ ᠪᠠᠷ

ᠳᠤᠭᠤᠰᠤᠷᠠᠭᠰᠠᠨ ᠡᠮᠡᠭᠡᠯ ᠶᠢᠡᠨ ᠵᠥᠯᠭᠦᠭᠦ ᠪᠦᠷᠢ ᠳᠡᠭᠡᠨ ᠰᠡᠭᠦᠷᠡᠰᠦᠯᠡᠪᠡ᠃

ᠣᠰᠤᠨ ᠤ ᠰᠢᠪᠠᠭᠤᠳ ᠨᠢ ᠨᠢᠰᠤᠨ ᠬᠤᠯᠠᠳᠤᠭᠠᠤᠨ

ᠳᠤᠭᠤᠷᠢᠮ ᠤᠨ ᠨᠠᠭᠤᠷ ᠤᠨ ᠱᠠᠯᠪᠠᠭ ᠭᠠᠩᠰᠠᠷᠠᠬᠤ ᠪᠠᠷ

ᠦᠰᠪᠦᠷᠢ ᠬᠡᠦᠬᠡᠳ ᠨᠢ ᠰᠠᠮᠪᠠᠷ᠎ᠠ ᠲᠡᠶ ᠪᠠᠨ ᠨᠡᠭᠦᠭᠡᠳ

ᠳᠤᠰᠬᠤᠨ ᠤ ᠰᠤᠷᠭᠠᠭᠤᠯᠢ ᠡᠵᠡᠭᠦᠢᠷᠡᠭᠦ ᠳᠤ ᠰᠡᠭᠦᠷᠡᠰᠦᠯᠡᠪᠡ᠃

ᠬᠤᠪᠢᠯᠢᠭ ᠦᠬᠢᠳ ᠨᠢ ᠬᠤᠳᠠ ᠣᠷᠤᠭᠠᠤᠨ

ᠬᠣᠢ᠌ᠰᠢ ᠡᠷᠭᠢᠭᠦ ᠪᠠᠷ᠎ᠠ ᠦᠭᠡᠶ ᠳ᠋ᠤ

ᠳᠤᠷᠪᠢᠯᠢᠭ ᠭᠦᠪᠠᠭᠦᠤᠨ ᠨᠢ ᠭᠤᠨᠢᠭ ᠳᠠᠪᠠᠷᠢᠵᠤ

《ᠳᠠᠯ᠎ᠠ ᠶᠢᠨ ᠴᠢᠨ᠋ᠸ᠎ᠠ》 ᠳᠠᠭᠠᠨ ᠳᠡᠪᠳᠦᠭᠦ ᠳᠤ ᠰᠡᠭᠦᠷᠡᠰᠦᠯᠡᠪᠡ᠃

ᠬᠠᠩᠰᠢ ᠥᠩᠭᠡᠷᠡᠭᠡᠳ ᠬᠠᠭᠳᠠ ᠨᠢᠳᠦᠯᠡᠭᠦ ᠦᠭᠡᠶ ᠳ᠋ᠤ

ᠬᠠᠷᠢᠶᠠᠴᠠᠢ ᠢᠷᠡᠭᠡᠳ ᠪᠣᠷᠤᠭᠠᠨ ᠣᠷᠤᠭᠰᠠᠨ ᠦᠭᠡᠶ ᠳ᠋ᠤ

ᠬᠠᠰᠢᠶᠠᠨ ᠳᠠᠭᠠᠨ ᠳᠠᠭᠢᠰᠢᠷᠠᠭᠰᠠᠨ ᠳᠤᠭᠤᠯ ᠶᠢᠡᠨ ᠣᠰᠤᠯᠠᠬᠤ ᠳ᠋ᠠᠭᠠᠨ

ᠬᠠᠢ︕ ᠭᠡᠵᠤ ᠣᠷᠳᠤ ᠡᠴᠡ ᠣᠷᠳᠤᠬᠠᠨ ᠴᠤ ᠰᠡᠭᠦᠷᠡᠰᠦᠯᠡᠪᠡ᠃

ᠠᠭᠰᠢᠷᠠᠭ᠎ᠠ ᠠᠪᠣ ᠶᠢᠨ ᠮᠢᠨᠢ ᠰᠡᠭᠦᠷᠡᠰᠤᠨ ᠳ᠋ᠤ

ᠠᠭᠳᠠ ᠶᠢᠨ ᠦᠤᠷᠰᠠᠯ ᠪᠣᠳᠤᠭᠤ ᠶᠢᠨ ᠪᠣᠢ᠌ᠯᠠᠭ᠎ᠠ ᠡᠷᠢᠭ᠍ᠳᠡᠨ᠎ᠡ᠂

ᠠᠢ᠌ᠷᠠᠭ ᠴᠡᠭᠡ᠂ ᠰᠦ᠋ ᠶᠢᠨ ᠦᠨᠦᠷ ᠡᠷᠢᠭ᠍ᠳᠡᠨ᠎ᠡ᠂

ᠠᠭᠠᠭ ᠲᠡᠶ ᠵᠠᠯᠠᠭᠤ ᠨᠠᠰᠤ ᠨᠢ ᠡᠷᠢᠭ᠍ᠳᠡᠨ᠎ᠡ᠃

ᠥᠭ᠍‍ᠭᠢᠶᠡᠮᠦᠷ ᠳᠠᠩᠰᠤᠭ ᠨᠤᠳᠤᠭ ᠣᠰᠤ ᠨᠢ ᠥᠭᠡᠢ᠌ᠯᠡᠭ᠍ᠳᠡᠨ᠎ᠡ᠂

ᠡᠪᠦᠯ ᠵᠤᠨ ᠤ ᠣᠳᠤᠷ ᠨᠡᠭᠦᠳᠡᠯ ᠨᠢ ᠥᠭᠡᠢ᠌ᠯᠡᠭ᠍ᠳᠡᠨ᠎ᠡ᠂

ᠦᠨᠢᠷ ᠰᠥᠷᠦᠭ᠌ ᠡᠪᠠᠰᠤ ᠪᠠᠯᠴᠢᠭᠡᠷ ᠨᠢ ᠥᠭᠡᠢ᠌ᠯᠡᠭ᠍ᠳᠡᠨ᠎ᠡ᠂

ᠥᠷᠯᠦᠭᠡ ᠦᠳᠡᠰᠢ ᠶᠢᠨ ᠴᠠᠪᠠᠷ ᠠᠭᠠᠷ ᠨᠢ ᠥᠭᠡᠢ᠌ᠯᠡᠭ᠍ᠳᠡᠨ᠎ᠡ᠃

ᠠᠪᠣ ᠶᠢᠨ ᠮᠢᠨᠢ ᠰᠡᠭᠦᠷᠡᠰᠤ ᠶᠢ ᠳᠠᠭᠠᠵᠤ

ᠠᠢ᠌ᠯ ᠤᠨ ᠮᠢᠨᠢ ᠮᠠᠢ᠌ᠵᠢᠭᠢ ᠭᠡᠷ ᠤᠳ ᠳᠤᠷᠣᠢ᠌ᠨ᠎ᠠ︕

ᠠᠬᠤᠢ ᠶᠢᠨ ᠱᠤᠷᠪᠣᠭ ᠭᠦᠯᠦᠰᠤ ᠤᠳ ᠣᠷᠤᠰᠤᠨ᠎ᠠ︕

ᠠᠮᠢᠳᠤᠷᠠᠯ ᠤᠨ ᠡᠮᠵᠡᠭ᠌ ᠨᠢᠯᠪᠣᠰᠤ ᠤᠳ ᠮᠠᠯᠮᠠᠷᠠᠨ᠎ᠠ ︕

ᠥᠩᠭᠡᠷᠡᠵᠤ ᠣᠳᠤᠭᠰᠠᠨ ᠣᠨ ᠵᠢᠯ ᠁

ᠥᠩᠭᠡᠴᠡᠭ᠍ᠳᠡᠵᠤ ᠡᠪᠳᠡᠭ᠍ᠳᠡᠭ᠍ᠰᠡᠨ ᠣᠨᠠᠭᠠᠨ ᠪᠠᠢ᠌ᠭᠠᠯᠢ ᠁

ᠥᠭᠡᠷᠡᠳᠤᠨ ᠬᠤᠪᠢᠷᠠᠭ᠎ᠠ ᠠᠯᠢ ᠪᠦᠭᠦᠨ ᠢ ᠬᠠᠷᠠᠭᠰᠠᠭᠠᠷ ᠁

ᠦᠪᠡᠷ ᠶᠢᠡᠨ ᠰᠤᠴᠢᠳᠠᠯ᠎ᠠ ᠠᠪᠣ ᠮᠢᠨᠢ ᠰᠡᠭᠦᠷᠡᠰᠦᠯᠡᠪᠡ᠃

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2765
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ