ᠨᠡᠪᠲᠡᠷᠡᠨ ᠤᠷᠤᠬᠤ
ᠬᠤᠷᠤᠰᠴᠤ ᠪᠢᠴᠢᠭ᠍ᠰᠡᠨ ᠰᠢᠯᠦᠭ᠌

᠊᠊᠊᠊᠊᠊᠊᠊᠊᠊᠊᠊᠊᠊᠊ ᠢᠨᠠᠭ ᠦᠬᠢᠨ ᠤ ᠪᠠᠨ 《ᠭᠠᠩᠭ᠋ᠠᠩ ᠵᠠᠯᠠᠭᠤ》 ᠭᠡᠭᠦ

          ᠭᠠᠭᠴᠠ ᠥᠭᠡᠨ ᠳᠤ ᠨᠢ ᠬᠤᠷᠤᠰᠴᠤ ᠪᠢᠴᠢᠭ᠍ᠰᠡᠨ ᠰᠢᠯᠦᠭ᠌

  

ᠭᠡᠦᠭᠡᠡᠴᠦᠳ ᠡ︕

ᠭᠦᠮᠤᠨ ᠢ ᠨᠢ ᠦᠵᠡ

ᠭᠦᠭᠡᠷᠭᠦᠢᠯᠡᠯᠳᠡᠢ ᠠᠪᠣᠷᠢ ᠳᠤ ᠨᠢ ᠪᠢᠳᠡᠭᠡᠢ ᠳᠠᠳᠠᠭᠳᠠᠴᠢᠬ᠎ᠠ︕

ᠵᠢᠷᠦᠭᠡ ᠡᠴᠡ ᠨᠢ ᠭᠠᠳᠠᠷᠯᠠ

ᠵᠥᠭᠡᠷ ᠨᠢᠭᠡ ᠥᠭᠡᠨ ᠳᠤ ᠨᠢ ᠪᠢᠳᠡᠭᠡᠢ ᠬᠠᠭᠤᠷᠳᠠᠴᠢᠬ᠎ᠠ︕

  

ᠵᠢᠰᠤ ᠢ ᠨᠢ ᠬᠠᠷ᠎ᠠ ᠭᠡᠵᠤ ᠪᠢᠳᠡᠭᠡᠢ ᠭᠤᠯᠤ ᠡ︕

ᠴᠠᠭᠠᠨ ᠭᠡᠵᠤ ᠪᠢᠳᠡᠭᠡᠢ ᠭᠤᠷᠢᠯᠠ ᠡ︕

  

ᠴᠢᠨᠤ ᠳᠠᠷᠠ ᠵᠢᠰᠤ ᠨᠢ ᠴᠠᠭᠠᠨ ᠨᠢᠭᠡᠨ ᠤ ᠭᠢᠨᠢ

ᠵᠢᠷᠦᠭᠡ ᠨᠢ ᠭᠦ᠋ ᠡᠴᠡ ᠬᠠᠷ᠎ᠠ

ᠴᠢᠯᠠᠭᠤ ᠡᠴᠡ ᠬᠠᠳᠠᠭᠤ ᠪᠠᠢ᠌ᠵᠤ ᠴᠤ ᠮᠠᠭᠠᠤᠨ︕

ᠴᠢᠨᠤ ᠡᠨᠡ ᠵᠢᠰᠤ ᠨᠢ ᠬᠠᠷ᠎ᠠ ᠨᠢᠭᠡᠨ ᠤ ᠴᠢᠨᠢ

ᠵᠢᠷᠦᠭᠡ ᠨᠢ ᠴᠠᠰᠤᠨ ᠡᠴᠡ ᠴᠠᠭᠠᠨ

ᠳᠤᠷᠭᠠᠨ ᠡᠴᠡ ᠵᠥᠭᠡᠯᠡᠨ ᠪᠠᠢ᠌ᠵᠤ ᠴᠤ ᠮᠡᠳᠡᠭᠦ ᠶᠤᠮ ᠳ᠋ᠠ︕

  

ᠬᠠᠷᠠᠩᠭ᠋ᠤᠢ ᠰᠦᠨᠢ ᠭᠢᠷᠠᠭᠤ ᠪᠠᠭᠤᠬᠤ ᠪᠠᠷ ᠨᠢ

ᠬᠠᠮᠤᠭ ᠴᠡᠴᠡᠭᠡᠰ ᠬᠠᠷᠢᠭᠤᠯᠳᠠ ᠦᠭᠡᠶ ᠵᠤᠯᠭᠠᠷᠠᠳᠠᠭ ᠰᠢᠤ ᠳ᠋ᠠ

ᠬᠠᠭᠠᠷᠠᠬᠠᠢ ᠳᠤᠯᠢᠨ ᠳᠤ ᠵᠢᠰᠤ ᠪᠠᠨ ᠳᠤᠯᠢᠳᠠᠪᠠᠯ

ᠬᠠᠢ᠌ᠷ᠎ᠠ ᠶᠢᠨ ᠰᠠᠢ᠌ᠬᠠᠨ ᠵᠢᠰᠤ ᠡᠪᠳᠡᠷᠡᠳᠡᠭ᠌ ᠰᠢᠤ ᠳ᠋ᠠ

ᠬᠠᠢ᠌ᠷ᠎ᠠ ᠶᠢᠨ ᠴᠢᠨᠢ ᠬᠠᠷᠠᠴᠠ ᠪᠣᠯᠤᠭ︕

ᠬᠠᠷᠠᠴᠠᠨ ᠤ ᠴᠢᠨᠢ ᠭᠠᠷᠤᠵᠠ ᠨᠢ ᠪᠠᠢ᠌ᠭ︕


      2010.10.23 ᠊ᠤ ᠰᠦᠨᠢ

    

ᠵᠤᠬᠢᠶᠠᠭᠴᠢ ᠶᠢᠨ ᠬᠠ‍‌ᠶᠢᠭ ᠄ ᠬᠠ‍‌ᠶᠢᠭ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠵᠢᠨ ᠰᠤᠨᠢᠨ ᠮᠡᠳᠡᠭᠡᠨ ᠤ ᠰᠠᠯᠪᠣᠷᠢ ᠶᠢᠨ 2009 ᠣᠨ ᠤ ᠰᠤᠷᠪᠣᠯᠵᠢᠯᠠᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2010 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ