ᠨᠡᠪᠲᠡᠷᠡᠨ ᠤᠷᠤᠬᠤ
ᠮᠢᠨᠤ ᠨᠤᠳᠤᠭ ᠤᠨ ᠴᠠᠭᠢᠯᠳᠠᠭ

ᠳᠠᠯ᠎ᠠ ᠶᠢᠨ ᠨᠤᠭᠤᠭᠠᠨ ᠰᠠᠯᠠᠮ᠎ᠠ

ᠭᠠᠩ ᠬᠠᠭᠤᠷᠠᠢ ᠳᠤ ᠰᠡᠷᠡᠢ᠌ᠭᠦ ᠪᠠᠷ ᠶᠢᠡᠨ ᠰᠠᠷᠠᠢ᠌ᠨ᠎ᠡ

ᠳᠠᠮᠢᠷ ᠣᠬᠠᠭᠠᠨ ᠤ ᠰᠢᠮ᠎ᠠ

ᠭᠠᠵᠠᠷ ᠤᠨ ᠡᠩᠭᠡᠷ ᠲᠤ ᠳᠡᠯᠭᠡᠷᠡᠭᠦ ᠪᠠᠷ ᠵᠢᠡᠨ ᠲ᠋ᠡᠯᠭᠡᠷᠡᠨ᠎ᠡ


ᠣᠷᠴᠢᠯᠠᠩ ᠤᠨ ᠠᠮᠢ ᠵᠢᠨ ᠵᠢᠮ᠎ᠠ

ᠣᠨ ᠣᠨ ᠳᠤ ᠪᠠᠨ ᠨᠤᠭᠤᠭᠠᠷᠠᠬᠤ ᠪᠠᠷ ᠶᠢᠡᠨ ᠨᠤᠭᠤᠭᠠᠷᠠᠨ᠎ᠠ

ᠣᠭᠤᠭ᠎ᠠ ᠰᠠᠢ᠌ᠬᠠᠨ ᠤ ᠬᠠᠢ᠌ᠷ᠎ᠠ

ᠵᠢᠯ ᠵᠢᠯ ᠳᠤ ᠪᠠᠨ ᠭᠦᠭᠡᠷᠡᠭᠦ ᠪᠠᠷ ᠶᠢᠡᠨ ᠭᠦᠭᠡᠷᠡᠨ᠎ᠡ


ᠮᠢᠨᠤ ᠨᠤᠳᠤᠭ ᠤᠨ ᠭᠦᠭᠡ ᠳᠡᠭ᠍ᠷᠢ

ᠴᠠᠭᠢᠯᠳᠠᠭ ᠤᠨ ᠨᠠᠪᠴᠢ ᠴᠡᠴᠡᠭ᠌ ᠳᠤ ᠰᠠᠯᠭᠢᠯᠠᠬᠤ ᠪᠠᠷ ᠵᠢᠠᠨ ᠰᠠᠯᠭᠢᠯᠠᠨ᠎ᠠ

ᠮᠢᠨᠤ ᠨᠤᠳᠤᠭ ᠤᠨ ᠲ᠋ᠡᠷᠭᠡᠯ ᠨᠡᠷᠡ

ᠴᠢᠩ ᠦᠨᠡᠨ ᠤ ᠦᠷ᠎ᠡ ᠭᠦᠭᠡᠭᠡᠴᠡᠯᠳᠦᠯ ᠳᠤ ᠮᠥᠰᠢᠶᠡᠭᠦ ᠪᠠᠷ ᠶᠢᠡᠨ ᠮᠦᠰᠢᠶᠠᠨ᠎ᠡ


ᠳᠤᠷᠤᠨ᠎ᠠ ᠶᠢᠨ ᠴᠠᠭᠠᠨ ᠰᠠᠷᠠ

ᠦᠨᠳᠦᠰᠦ ᠪᠠᠨ ᠮᠠᠨᠠᠭᠰᠠᠨ ᠬᠠᠰᠭᠢᠷᠤᠯ ᠳᠤ ᠳᠡᠨᠦᠭᠦ ᠪᠠᠷ ᠶᠢᠡᠨ ᠳᠠᠨᠤᠨ᠎ᠡ

ᠳᠤᠯᠠᠭᠠᠨ ᠨᠠᠢ᠌ᠷᠠᠮᠳᠠᠭᠤ ᠬᠤᠷ᠎ᠠ

ᠥᠶ‍ᠦᠭ᠌ ᠳᠠᠪᠠᠳᠠᠢ ᠵᠡᠭᠦᠳᠤᠨ ᠳᠤ ᠰᠢᠪᠠᠨᠡᠭᠦ ᠪᠠᠷ ᠶᠢᠡᠨ ᠰᠢᠪᠠᠨᠠᠨ᠎ᠠ᠁


         ᠮᠤᠩᠭ᠋ᠤᠯ ᠭᠡᠷ


ᠭᠠᠵᠠᠷ ᠤᠨ ᠡᠯᠢᠭᠡᠨ ᠳᠤ ᠳᠡᠯᠭᠡᠷᠡᠭ᠍ᠰᠡᠨ

ᠰᠥ᠋ ᠲ᠋ᠡᠢ ᠠᠩᠭᠢᠯᠤᠭᠤᠨ ᠴᠡᠴᠡᠭ᠌

ᠭᠠᠯᠪᠠ ᠶᠢᠨ ᠨᠢᠳᠤᠨ ᠳᠤ ᠮᠥᠩᠭᠡᠷᠡᠭ᠍ᠰᠡᠨ

ᠰᠠᠷᠠ ᠲ᠋ᠠᠢ ᠨᠡᠭᠦᠳᠡᠯ ᠤᠨ ᠠᠶᠠᠨ


ᠭᠦᠳᠡᠯᠮᠦᠷᠢᠴᠢ ᠮᠤᠩᠭ᠋ᠤᠯ ᠤᠨ ᠭᠠᠷ ᠲ᠋ᠠᠭᠢ

ᠬᠠᠢ᠌ᠷ᠎ᠠ ᠶᠢᠨ ᠵᠤᠯᠪᠣᠭ᠎ᠠ ᠲᠡᠶ ᠡᠭᠦᠳᠡ

ᠭᠦᠰᠡᠯ ᠤᠨ ᠳᠦᠷᠦᠭᠡ ᠳᠤ ᠪᠠᠨ ᠴᠤᠮᠴᠣᠢ᠌ᠭᠰᠠᠨ

ᠬᠠᠩᠭ᠋ᠠᠢ ᠳᠠᠯ᠎ᠠ ᠶᠢᠨ ᠳᠡᠦᠭᠡᠨ ᠥᠡᠳᠦᠷᠯᠢᠭ᠌


ᠨᠠᠷᠠᠨ ᠤ ᠭᠡᠷᠡᠯ ᠰᠢᠩᠭᠡᠭ᠍ᠰᠡᠨ ᠪᠠᠢ᠌ᠳᠠᠭ

ᠨᠠᠪᠴᠢᠳᠤ ᠬᠤᠷᠸ᠎ᠠ ᠶᠢᠨ ᠴᠢᠮᠡᠭ᠌

ᠰᠠᠷᠠᠨ ᠤ ᠳᠤᠶᠠᠭ᠎ᠠ ᠰᠥᠯᠡᠭ᠍ᠰᠡᠨ ᠪᠠᠢ᠌ᠳᠠᠭ

ᠽᠠᠮᠪᠣᠳᠢᠪ ᠤᠨ ᠣᠶᠠᠩᠭ᠋ᠠᠨ ᠴᠠᠳᠢᠭ


ᠭᠠᠯ ᠶᠢᠡᠨ ᠪᠦᠭᠡᠢ᠌ᠴᠢᠯᠡᠨ ᠮᠠᠨᠠᠭᠰᠠᠨ

ᠳᠠᠯ᠎ᠠ ᠶᠢᠨ ᠰᠦᠨᠠᠰᠤ ᠲᠡᠶ ᠪᠠᠭᠤᠳᠠᠯ

ᠳᠠᠠᠩᠰᠤᠭ ᠠᠮᠢᠳᠤᠷᠠᠯ ᠶᠢᠡᠨ ᠴᠢᠪᠬᠠᠳᠠᠭᠰᠠᠨ

ᠭᠤᠤᠯ ᠮᠦᠷᠠᠨ ᠤ ᠢᠷᠠᠭᠤᠬᠠᠨ ᠣᠷᠤᠰᠠᠭᠯ


ᠪᠠᠢ᠌ᠭᠠᠯᠢ ᠡᠭᠡ ᠶᠢᠨ ᠵᠢᠷᠤᠭᠰᠠᠨ

ᠬᠤᠷᠸ᠎ᠠ ᠳᠤ ᠬᠤᠤᠰ ᠦᠭᠡᠶ ᠰᠠᠢ᠌ᠬᠠᠨ ᠵᠢᠷᠤᠭ

ᠪᠠᠶᠠᠨ ᠰᠦᠷᠦᠭ᠌ ᠶᠢᠡᠨ ᠬᠠᠷᠢᠭᠤᠯᠤᠭᠰᠠᠨ

ᠣᠯᠠᠷᠢᠯ ᠤᠨ ᠮᠦᠩᠭᠦᠨ ᠣᠬᠠᠭᠠᠨ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ