☆ ᠦᠨᠡᠠᠴᠢ
ᠪᠠᠭᠰᠢ ᠭᠦᠮᠤᠨ
ᠮᠦᠰᠢᠶᠠᠯ ᠳᠤᠳᠤᠷᠠᠭᠰᠠᠨ ᠴᠢᠷᠠᠢ ᠳᠤ ᠨᠢ ᠡᠴᠢᠭᠡ ᠶᠢᠨ ᠬᠠᠳᠠᠭᠤᠬᠠᠨ ᠰᠤᠷᠭᠠᠯ ᠰᠢᠩᠭᠡᠵᠤ
ᠢᠳᠡᠭᠡᠯ ᠦᠭᠭᠦᠭ᠍ᠰᠡᠨ ᠨᠢᠳᠤᠨ ᠳᠤ ᠨᠢ ᠡᠭᠡ ᠶᠢᠨ ᠣᠶᠠᠷᠠᠭᠤᠬᠠᠨ ᠨᠢᠯᠪᠣᠰᠤ ᠳᠤᠨᠠᠵᠤ
ᠡᠷᠳᠡᠮ ᠤᠨ ᠡᠭᠢ ᠡᠭᠡᠰᠢᠭ᠌ ᠳᠤᠯᠤᠭ᠎ᠠ ᠪᠠᠷ ᠪᠠᠨ ᠰᠠᠠᠰᠠᠷ ᠳᠡᠯᠡᠭᠦ ᠰᠤᠯᠤᠩᠭ᠋ᠠᠨ ᠬᠠᠷᠭᠤᠢ ᠶᠢ ᠢᠷᠠᠨ
ᠡᠭᠡ ᠣᠷᠤᠨ ᠤ ᠪᠠᠨ ᠡᠯᠢᠭᠡ ᠪᠦᠳᠤᠨ ᠵᠠᠶᠠᠭ᠎ᠠ ᠳᠤ ᠰᠡᠳᠭᠢᠯ ᠠᠷᠭᠠᠮᠵᠢᠬᠤ ᠶᠢ ᠨᠠᠢ᠌ᠳᠠᠭᠰᠠᠨ
ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ
ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ
ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ
ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ
ᠠᠯᠳᠠᠭ᠎ᠠ ᠭᠠᠷᠭᠠᠬᠤ ᠨᠢ ᠡᠷᠭᠡ ᠨᠢ ᠮᠦᠨ ᠭᠡᠮᠡᠨ ᠰᠡᠳᠭᠢᠯ ᠳᠡᠭᠡᠨ ᠳᠤᠩᠭ᠋ᠠᠨ ᠮᠠᠳᠠᠷᠠᠵᠤ
ᠠᠯᠢ ᠠᠯᠢᠨ ᠴᠤ ᠣᠬᠠᠭᠠᠨ ᠳᠤ ᠨᠢ ᠢᠵᠢᠯᠢᠭᠡᠨ ᠦᠷᠳᠦᠳᠡᠭ᠌ ᠨᠠᠮᠠᠭ᠎ᠠ ᠦᠭᠡᠶ ᠪᠣᠳᠤᠯ ᠳᠠᠢ
ᠠᠯᠳᠠᠭᠰᠠᠨ ᠶᠢᠡᠨ ᠣᠯᠬᠤ ᠨᠢ ᠣᠢ᠌ᠯᠠᠰ ᠨᠢ ᠮᠦᠨ ᠭᠡᠮᠡᠨ ᠵᠢᠷᠦᠭᠡᠨ ᠳᠡᠭᠡᠨ ᠮᠠᠳᠠᠨ ᠪᠠᠶᠠᠰᠴᠤ
ᠠᠵᠠᠢ ᠪᠣᠭᠤᠷᠤᠯ ᠳᠡᠭᠡᠳᠦᠰ ᠤᠨ ᠵᠠᠭᠢᠶ᠎ᠠ ᠶᠢ ᠪᠠᠳᠤᠵᠢᠭᠤᠯᠤᠭᠰᠠᠨ ᠮᠤᠩᠭ᠋ᠤᠯ ᠮᠤᠩᠭ᠋ᠤᠯᠵᠢᠭᠤᠨ ᠮᠦᠰᠤ ᠳᠠᠢ
ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ
ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ
ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ
ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ
ᠵᠤᠯᠭᠠᠷᠠᠵᠤ ᠭᠠᠷᠤᠭᠰᠠᠨ ᠴᠤᠮᠤᠷᠯᠢᠭ ᠪᠦᠭᠦᠨ ᠶᠢᠡᠨ ᠮᠦᠰᠢᠶᠠᠯ ᠶᠢᠡᠷ ᠮᠢᠯᠢᠶᠠᠳᠠᠭ
ᠴᠤᠪᠬᠤᠴᠢᠴᠠᠵᠤ ᠳᠤᠮᠤᠭᠠᠵᠢᠭᠰᠠᠨ ᠳᠠᠯᠠᠪᠴᠢ ᠪᠦᠭᠦᠨ ᠶᠢᠡᠨ ᠬᠠᠢ᠌ᠷ᠎ᠠ ᠪᠠᠷ ᠢᠯᠪᠢᠳᠡᠭ᠌
ᠪᠣᠷᠤᠭᠠᠨ ᠤ ᠳᠠᠷᠭᠠᠭᠢ ᠨᠠᠷᠠ ᠲᠡᠶ ᠠᠮᠢᠰᠬᠤᠯ ᠰᠢᠭ᠌ ᠴᠠᠪ ᠴᠡᠯᠮᠡᠭᠦᠨ ᠠᠭᠠᠯᠢ ᠪᠠᠷ ᠵᠢᠠᠨ
ᠡᠭᠡᠯ ᠲᠦᠮᠡᠨ ᠡᠷᠭᠡᠳᠤ ᠳᠡᠷᠢᠭᠦᠨ ᠳᠡᠭᠡᠨ ᠠᠳᠠᠯᠢᠬᠠᠨ ᠮᠠᠠᠳᠤᠴᠢᠯᠠᠯ ᠲᠡᠶ ᠪᠠᠢ᠌ᠳᠠᠭ
ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ
ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ
ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ
ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ
ᠵᠤᠬᠢᠶᠠᠭᠴᠢ ᠶᠢᠨ ᠬᠠᠶᠢᠭ ᠄ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3167
ᠴᠠᠭ᠄ 2010 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ