ᠨᠡᠪᠲᠡᠷᠡᠨ ᠤᠷᠤᠬᠤ
ᠰᠡᠭᠡᠭᠡᠷᠡᠯ

ᠪᠢ ᠲᠦᠯᠡᠭᠡ ᠳᠡᠭᠦᠭᠦ ᠪᠠᠷ ᠶᠠᠪᠣᠶ᠎ᠠ ᠭᠡᠭᠦ ᠳ᠋ᠤ

ᠴᠢ ᠵᠠᠪᠠᠯ ᠨᠠᠮᠢ᠋ᠢ᠌ ᠪᠣᠳᠠᠭ᠎ᠠ ᠴᠢᠨᠠ ᠭᠡᠭᠦ ᠶᠤᠮ

ᠪᠣᠳᠠᠭ᠎ᠠ ᠶᠢ ᠴᠢᠨᠢ ᠴᠢᠨᠠᠭᠠᠤᠨ ᠪᠠᠷᠠᠴᠢᠬᠠᠪᠠᠯ

ᠲᠦᠯᠡᠭᠡ ᠳᠡᠭᠦᠭᠦ ᠴᠠᠭ ᠮᠢᠨᠢ ᠦᠭᠡᠶ ᠪᠣᠯᠴᠢᠬᠤ ᠶᠤᠮ

ᠪᠢ ᠣᠰᠤ ᠳᠠᠮᠨᠠᠬᠤ ᠪᠠᠷ ᠶᠠᠪᠣᠶ᠎ᠠ ᠭᠡᠭᠦ ᠳ᠋ᠤ

ᠴᠢ ᠵᠠᠪᠠᠯ ᠨᠠᠮᠢ᠋ᠢ᠌ ᠠᠷᠭᠠᠯ ᠳᠡᠭᠦᠭᠦ ᠪᠠᠷ ᠶᠠᠪᠣ ᠭᠡᠭᠦ ᠶᠤᠮ

ᠠᠷᠭᠠᠯ ᠢ ᠴᠢᠨᠢ ᠳᠡᠭᠦᠭᠡᠳ ᠢᠷᠠᠪᠠᠯ

ᠣᠰᠤ ᠳᠠᠮᠨᠠᠬᠤ ᠴᠠᠭ ᠮᠢᠨᠢ ᠦᠭᠡᠶ ᠪᠣᠯᠴᠢᠬᠤ ᠶᠤᠮ

ᠪᠢ ᠠᠷᠢᠭᠢ ᠵᠠᠰᠠᠵᠤ ᠭᠡᠢ᠌ᠴᠢᠨ ᠳᠠᠢ᠌ᠯᠠᠶ᠎ᠠ ᠭᠡᠭᠦ ᠳ᠋ᠤ

ᠴᠢ ᠵᠠᠪᠠᠯ ᠨᠠᠮᠢ᠋ᠢ᠌ ᠳᠠᠷᠤᠭ᠎ᠠ ᠶᠢᠨ ᠣᠷᠤᠨ ᠳᠤ ᠠᠷᠢᠭᠢ ᠣᠤᠭᠤ ᠭᠡᠭᠦ ᠶᠤᠮ᠂

ᠳᠠᠷᠤᠭ᠎ᠠ ᠶᠢᠨ ᠣᠷᠤᠨ ᠳᠤ ᠠᠷᠢᠭᠢ ᠣᠤᠭᠤᠭᠠᠤᠨ ᠥᠭ᠍ᠴᠢᠭᠡᠪᠠᠯ

ᠠᠷᠢᠭᠢᠨ ᠳᠤ ᠰᠤᠭᠳᠤᠭᠠᠤᠨ ᠶᠠᠭᠤ ᠴᠤ ᠮᠡᠳᠡᠭᠦ ᠥᠭᠡᠢ ᠪᠣᠯᠴᠢᠬᠤ ᠶᠤᠮ

ᠪᠢ ᠮᠠᠯᠴᠢᠨ ᠪᠣᠯᠤᠶ᠎ᠠ ᠭᠡᠭᠦ ᠳ᠋ᠤ

ᠴᠢ ᠵᠠᠪᠠᠯ ᠨᠠᠮᠢ᠋ᠢ᠌ ᠨᠡᠭᠦᠷᠡᠰᠤ ᠮᠠᠯᠳᠠᠳᠠᠭ ᠭᠦᠮᠤᠨ ᠪᠣᠯ ᠭᠡᠭᠦ ᠶᠤᠮ᠂

ᠨᠡᠭᠦᠷᠡᠰᠤ ᠶᠢ ᠮᠠᠯᠳᠠᠭᠠᠤᠨ ᠪᠠᠷᠠᠬᠤ ᠳᠤ ᠠᠵᠢᠯ ᠠᠯᠳᠠᠭᠠᠤᠨ

ᠠᠷᠤ ᠭᠡᠷ ᠲᠡᠭᠡᠨ ᠢᠷᠡᠭᠦ ᠳᠤ ᠪᠠᠯᠴᠢᠭᠡᠷ ᠦᠭᠡᠶ ᠪᠣᠯᠴᠢᠬᠤ ᠶᠤᠮ

ᠪᠢ ᠳᠠᠷᠢᠶᠠᠴᠢᠨ ᠪᠣᠯᠤᠶ᠎ᠠ ᠭᠡᠭᠦ ᠳ᠋ᠤ

ᠴᠢ ᠵᠠᠪᠠᠯ ᠨᠠᠮᠢ᠋ᠢ᠌ ᠪᠠᠯᠠ ᠣᠷᠤᠭᠤᠯᠵᠤ ᠮᠠᠢ᠌ᠮᠠᠢ ᠭᠢ ᠭᠡᠭᠦ ᠶᠤᠮ᠂

ᠮᠠᠢ᠌ᠮᠢ ᠬᠢᠭᠡᠤᠨ ᠬᠤᠠᠵᠢᠪᠣᠷᠢ ᠪᠠᠢ᠌ᠳᠤᠭᠠᠢ ᠪᠠᠯᠠ ᠴᠤ ᠦᠭᠡᠶ ᠪᠣᠯᠤᠭᠠᠤᠨ

ᠳᠠᠷᠢᠶᠠᠴᠢᠨ ᠪᠣᠯᠬᠤ ᠪᠠᠷ ᠢᠷᠡᠭᠦ ᠳᠤ ᠭᠠᠵᠠᠷ ᠴᠤ ᠦᠭᠡᠶ ᠪᠣᠯᠴᠢᠬᠤ ᠶᠤᠮ

ᠪᠢ ᠡᠮᠨᠡᠯᠭᠡ ᠳᠤ ᠣᠴᠢᠵᠤ ᠪᠠᠶ᠎ᠠ ᠪᠠᠨ ᠥᠵᠡᠭᠦᠯᠦᠶ᠎ᠡ ᠭᠡᠭᠦ ᠳ᠋ᠤ

ᠴᠢ ᠵᠠᠪᠠᠯ ᠨᠠᠮᠢ᠋ᠢ᠌ ᠰᠦᠮ᠎ᠡ ᠵᠢᠨ ᠯᠠᠮᠠ ᠡᠴᠠ ᠠᠪᠣᠷᠠᠯ ᠭᠤᠶᠤ ᠭᠡᠭᠦ ᠶᠤᠮ᠂

ᠰᠦᠮ᠎ᠡ ᠶᠢᠨ ᠯᠠᠮᠠ ᠡᠴᠠ ᠠᠪᠣᠷᠠᠯ ᠭᠤᠶᠤᠭᠠᠤᠨ ᠢᠷᠡᠭᠦ ᠳ᠋ᠤ

ᠡᠮᠨᠡᠯᠭᠡ ᠶᠢᠨ ᠬᠤᠷᠢᠶ᠎ᠠ ᠶᠡᠭᠡ ᠭᠠᠵᠠᠷ ᠲᠤ ᠥᠵᠡᠭᠦᠯ ᠭᠡᠭᠦ ᠶᠤᠮ

ᠨᠢᠭᠡ ᠨᠠᠰᠤᠨ ᠦᠪᠡᠷ ᠶᠢᠡᠨ ᠳᠤᠯᠤᠭᠠᠢ ᠲ᠋ᠠᠢ ᠶᠠᠪᠣᠭᠠᠤᠨ

ᠥᠭᠡᠷ᠎ᠡ ᠪᠣᠰᠤᠳ ᠤᠨ ᠰᠠᠨᠠᠭ᠎ᠠ ᠪᠠᠷ ᠵᠠᠭᠢᠭᠤᠯᠤᠭᠠᠤᠨ ᠪᠠᠢ᠌ᠬᠤ ᠨᠢ

ᠪᠣᠷᠤ ᠨᠤᠭᠤᠷᠠᠯ ᠦᠭᠡᠶ ᠵᠢᠳᠭᠦᠭ᠍ᠰᠡᠭᠡᠷ ᠪᠠᠢ᠌ᠭᠠᠤᠨ

ᠪᠣᠷᠠᠠᠳᠠᠭ ᠶᠢᠡᠨ ᠳᠠᠭᠠᠭᠠᠤᠨ ᠪᠣᠴᠠᠯᠤᠭᠰᠠᠨ ᠣᠰᠤᠨ ᠳᠤ ᠴᠠᠴᠤᠳᠠᠭ ᠳᠡᠮᠡᠭᠡ ᠯᠠ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 11 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ