☆ ᠨᠠᠮᠵᠢᠯ ᠤᠨ ᠮᠥᠩᠭᠡᠪᠠᠶᠡᠷ
ᠡᠷᠢᠶᠡᠨ
ᠭᠦᠷᠦᠭ᠍ᠰᠡᠨ ᠬᠤᠳᠠ ᠶᠢᠨ ᠳᠠᠭᠤᠳᠠᠬᠤ ᠨᠠᠷᠠ ᠨᠢ ᠡᠷᠢᠶᠡᠨ
ᠭᠦᠮᠤᠨ ᠠᠷᠠᠤᠨ ᠤᠨ ᠭᠢᠨ ᠠᠮᠢᠳᠤᠷᠠᠯ ᠨᠢ ᠵᠤᠬᠢᠶᠠᠯ ᠤᠨ ᠡᠷᠢᠶᠡᠨ
ᠭᠠᠩ ᠲᠡᠶ ᠵᠢᠯ ᠤᠨ ᠭᠤᠪᠢ ᠶᠢᠨ ᠳᠠᠯ᠎ᠠ ᠨᠢ ᠰᠢᠷ᠎ᠠ ᠡᠷᠢᠶᠡᠨ
ᠭᠠᠭᠴᠠ ᠳᠤᠰᠤᠯ ᠦᠭᠡᠶ ᠳᠡᠭ᠍ᠷᠢ ᠶᠢᠨ ᠡᠭᠦᠯᠡ ᠨᠢ ᠴᠠᠭᠠᠨ ᠡᠷᠢᠶᠡᠨ
ᠡᠮᠦᠨᠡᠳᠤ ᠶᠢᠨ ᠮᠠᠢ᠌ᠮᠠᠢ᠌ᠴᠢᠨ ᠤ ᠣᠭᠳᠤᠬᠤ ᠨᠢᠳᠤ ᠨᠢ ᠣᠯᠠᠭᠠᠨ ᠡᠷᠢᠶᠡᠨ
ᠣᠯᠤᠰ ᠤᠨ ᠡᠭᠦᠳᠡ ᠶᠢᠨ ᠬᠠᠷᠠᠭᠤᠯ ᠤᠨ ᠴᠡᠷᠢᠭ᠌ ᠨᠢ ᠨᠤᠭᠤᠭᠠᠨ ᠡᠷᠢᠶᠡᠨ
᠁ ᠁
ᠡᠷᠢᠶᠡᠨ ᠬᠤᠳᠠ
ᠪᠦᠭᠦᠯᠢ ᠪᠠᠷ ᠶᠢᠡᠨ ᠡᠷᠢᠶᠡᠨ
ᠡ᠊ᠨᠳᠡ ᠢᠷᠡᠭ᠍ᠰᠡᠨ᠂ ᠢᠷᠡᠭ᠍ᠰᠡᠨ ᠥᠭᠡᠢ
ᠭᠦᠮᠤᠨ ᠤ ᠰᠡᠳᠭᠢᠯ ᠪᠦᠭᠦᠨ ᠶᠢᠡᠷ ᠶᠢᠡᠨ ᠡᠷᠢᠶᠡᠨ᠃
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ