ᠨᠡᠪᠲᠡᠷᠡᠨ ᠤᠷᠤᠬᠤ
ᠮᠤᠩᠭ᠋ᠤᠯ ᠬᠤᠪᠴᠠᠰᠤ ᠬᠠᠷᠮᠠᠨ ᠥᠭᠡᠢ

ᠡᠵᠡᠨ ᠴᠢᠩᠭᠢᠰ ᠤᠨ ᠣᠩᠭ᠋ᠤᠨ ᠢ

ᠶ‍ᠢᠷᠳᠢᠠᠴᠤ ᠪᠠᠷ ᠳᠦᠷᠭᠢᠳᠠᠯ᠎ᠠ ᠭᠡᠯᠡᠯᠴᠡᠨ᠎ᠡ

ᠡᠷᠳᠡᠨᠢ᠂ ᠰᠤᠪᠣᠤᠨ᠂ ᠡᠷᠳᠡᠨ ᠤ ᠵᠣᠢ᠌ᠯ ᠁

ᠡᠷᠭᠢᠭᠦᠤ ᠳᠡᠨᠡᠭ᠌ ᠭᠦᠮᠦᠰ ᠡ

ᠡᠳᠦᠷ ᠶᠢᠡᠷ ᠵᠡᠭᠦᠳᠦᠯᠡᠭᠦ ᠭᠡᠷᠡᠭ᠌ ᠦᠭᠡᠶ

ᠡᠪᠦᠭᠡ ᠳᠡᠭᠡᠳᠦᠰ ᠤᠨ ᠣᠷᠠᠯᠠᠭᠰᠠᠨ

ᠮᠤᠩᠭ᠋ᠤᠯ ᠬᠤᠪᠴᠠᠰᠤ ᠬᠠᠷᠮᠠᠨ ᠦᠭᠡᠶ ︕

ᠭᠠᠵᠠᠷ ᠲᠤ ᠪᠣᠯᠠᠭᠳᠠᠭᠰᠠᠨ

ᠮᠢᠩᠭ᠋ᠠᠨ ᠵᠢᠯ ᠤᠨ ᠨᠢᠭᠤᠴᠠ

ᠭᠠᠯᠪᠠ ᠶᠢ ᠰᠤᠴᠢᠭᠠᠭᠰᠠᠨ

ᠲᠦᠮᠡᠨ ᠣᠨ ᠤ ᠡᠷᠢᠯ

ᠭᠠᠭᠴᠠ ᠮᠢᠨᠤ ᠮᠤᠩᠭ᠋ᠤᠯ ᠳᠤ ᠭᠠᠷᠬᠤ

ᠭᠠᠢ᠌ᠬᠠᠮᠰᠢᠭᠳᠤ ᠳᠤᠮᠤᠭ᠃

ᠴᠢᠩᠭᠢᠰ ᠤᠨ ᠣᠩᠭ᠋ᠤᠨ ᠢ

ᠭᠠᠵᠠᠷ ᠢ ᠳᠠᠭᠤᠰᠤᠳᠠᠯ᠎ᠠ ᠰᠡᠭ᠍ᠴᠡᠭ᠍ᠰᠡᠨ ᠴᠤ

ᠭᠠᠷᠢᠭ ᠤᠨ ᠳᠡᠭᠡᠷ᠎ᠡ ᠡᠴᠡ

ᠭᠠᠷᠭᠠᠵᠤ ᠳᠡᠢ᠌ᠯᠭᠦ ᠦᠭᠡᠶ᠃

ᠡᠵᠡᠨ ᠴᠢᠩᠭᠢᠰ ᠤᠨ ᠣᠩᠭ᠋ᠤᠨ ᠡᠴᠡ

ᠡᠷᠳᠡᠨᠢ ᠬᠠᠢ᠌ᠬᠤ ᠭᠡᠷᠡᠭ᠌ ᠦᠭᠡᠶ

ᠡᠪᠦᠭᠡ ᠳᠡᠭᠡᠳᠦᠰ ᠤᠨ ᠠᠷᠠᠰᠤᠨ ᠳᠠᠪᠠᠯ

ᠡᠭᠢᠯᠡᠵᠤ ᠣᠶᠤᠬᠤ ᠳᠠᠭᠠᠨ

ᠬᠠᠷᠮᠠᠨ ᠦᠭᠡᠶ ︕

ᠬᠠᠷᠢ ᠭᠦᠷᠤᠨ ᠢ ᠬᠤᠷᠢᠶᠠᠵᠤ

ᠬᠠᠤᠯᠢ ᠴᠠᠭᠠᠵᠠ ᠳᠤᠭᠳᠠᠭᠠᠨ

ᠳᠦᠷᠤ ᠵᠠᠰᠠᠭ ᠪᠠᠢ᠌ᠭᠤᠯᠵᠤ

ᠳᠡᠭ᠍ᠷᠢ ᠶᠢᠨ ᠭᠦᠪᠠᠭᠦᠨ ᠭᠡᠮᠡᠭ᠍ᠳᠡᠭ᠍ᠰᠡᠨ ᠴᠤ

ᠣᠷᠠᠯᠢᠭᠳᠤ ᠮᠤᠩᠭ᠋ᠤᠯ ᠬᠤᠪᠴᠠᠰᠤ

ᠣᠭ ᠡᠴᠡ ᠪᠠᠨ ᠬᠠᠷᠮᠠᠨ ᠦᠭᠡᠶ ︕

ᠳᠡᠯᠡᠭᠡᠢ ᠳᠡᠭᠡᠷ᠎ᠡ ᠡᠴᠡ

ᠳᠡᠭᠡᠳᠦᠰ ᠤᠨ ᠣᠩᠭ᠋ᠤᠨ ᠢ

ᠡᠷᠢᠭᠦ ᠭᠡᠷᠡᠭ᠌ ᠦᠭᠡᠶ

ᠳᠡᠯᠡᠭᠡᠢ ᠶᠢ ᠬᠤᠳᠠᠯᠳᠤᠨ ᠠᠪᠬᠤ

ᠡᠷᠳᠡᠨᠢ ᠪᠠᠢ᠌ᠬᠤ ᠦᠭᠡᠶ ︕

ᠳᠠᠪᠠᠯ ᠤᠨ ᠡᠩᠭᠡᠷ ᠶᠢᠡᠨ

ᠳᠦᠭᠦᠷᠡᠳᠡᠯ᠎ᠡ

ᠳᠦᠷᠪᠠᠯᠵᠢᠨ ᠬᠠᠷᠮᠠᠨ

ᠬᠠᠳᠠᠭ᠎ᠠ ᠦᠭᠡᠶ ᠁

ᠮᠤᠩᠭ᠋ᠤᠯ ᠨᠤᠳᠤᠭ ᠡᠴᠡ

ᠨᠢᠳᠤ ᠪᠠᠨ ᠠᠪ ︕

ᠮᠥᠭᠦᠯᠢᠭ᠌ ᠰᠢᠷᠤᠢ ᠶᠢ ᠨᠢ ᠴᠤ

ᠭᠦᠳᠡᠯᠭᠡᠵᠤ ᠪᠣᠯᠬᠤ ᠦᠭᠡᠶ

ᠮᠤᠩᠭ᠋ᠤᠯ ᠤᠨ ᠬᠠᠭᠠᠤᠨ

ᠣᠩᠭ᠋ᠤᠨ ᠦᠭᠡᠶ

ᠮᠤᠩᠭ᠋ᠤᠯ ᠳᠠᠪᠠᠯ

ᠬᠠᠷᠮᠠᠨ ᠦᠭᠡᠶ ︕


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ

ᠵᠤᠬᠢᠶᠠᠭᠴᠢ᠄ ᠭᠦᠭᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ