☆ ᠯ·ᠪᠠᠢ᠌ᠭᠠᠯᠢᠮᠠ
ᠭᠠᠭᠴᠠᠬᠠᠨ ᠴᠢᠮ᠎ᠠ ᠳᠠᠭᠠᠨ ᠡᠷᠭᠡᠯᠡᠮᠡᠷ ᠪᠠᠢ᠌ᠨ᠎ᠠ
ᠣᠳᠠᠰᠤᠨ ᠤ ᠴᠠᠭᠠᠨ᠎ᠠ ᠡᠴᠡ ᠳᠠᠭᠤ ᠪᠠᠷ ᠶᠢᠡᠨ ᠡᠷᠭᠡᠯᠡᠳᠡᠭ᠌
ᠣᠶᠠᠩᠭ᠋᠎ᠠ ᠰᠢᠯᠦᠭ᠌ ᠪᠢᠴᠢᠵᠤ ᠡᠷᠭᠡᠯᠡᠳᠡᠭ᠌
ᠬᠠᠮᠢᠭ᠎ᠠ ᠶᠠᠪᠣᠭᠰᠠᠨ ᠴᠤ ᠰᠡᠳᠭᠢᠯ ᠳᠤ ᠴᠢᠨᠢ ᠡᠷᠭᠡᠯᠡᠳᠡᠭ᠌
ᠬᠠᠷᠠᠭᠤᠯᠳᠠᠵᠤ᠂ ᠬᠠᠢ᠌ᠭᠠᠤᠨ ᠳᠤᠨᠢᠷᠠᠵᠤ ᠡᠷᠭᠡᠯᠡᠳᠡᠭ᠌
ᠣᠠᠳᠠᠬᠤ ᠨᠣᠢ᠌ᠷᠠᠨ ᠳᠤ ᠴᠢᠨᠢ ᠵᠡᠭᠦᠳᠤ ᠪᠠᠷ ᠡᠷᠭᠡᠯᠡᠳᠡᠭ᠌
ᠣᠷᠮ᠎ᠠ ᠨᠡᠭᠡᠭᠡᠭᠦ ᠬᠠᠷᠠᠴᠠ ᠪᠠᠷ ᠶᠢᠡᠨ ᠡᠷᠭᠡᠯᠡᠳᠡᠭ᠌
ᠣᠷᠤᠭᠤᠯ ᠳᠠᠪᠰᠠᠵᠤ ᠬᠤᠳᠠᠯ ᠡᠷᠭᠡᠯᠡᠳᠡᠭ᠌
ᠣᠭᠢᠯᠠᠵᠤ᠂ ᠳᠠᠭᠤᠯᠠᠵᠤ᠂ ᠳᠠᠢ᠌ᠤᠠᠬᠠᠷᠠᠵᠤ ᠡᠷᠭᠡᠯᠡᠳᠡᠭ᠌
ᠵᠤᠷᠢᠭ ᠶᠢᠡᠷ ᠶᠢᠡᠨ᠂ ᠳᠤᠷ᠎ᠠ ᠪᠠᠷ ᠶᠢᠡᠨ ᠳᠠᠭᠤᠳᠠᠵᠤ ᠡᠷᠭᠡᠯᠡᠳᠡᠭ᠌
ᠵᠦᠪᠳᠠᠵᠤ᠂ ᠪᠣᠷᠤᠭᠤᠳᠠᠵᠤ᠂ ᠭᠠᠩᠳᠠᠵᠤ ᠡᠷᠭᠡᠯᠡᠳᠡᠭ᠌
ᠵᠥᠭᠡᠯᠡᠷᠡᠭᠦᠯᠵᠤ᠂ ᠵᠢᠭᠯᠡᠷᠡᠵᠤ᠂ ᠵᠥᠭ᠌ ᠦᠭᠡᠶ ᠡᠷᠭᠡᠯᠡᠳᠡᠭ᠌
ᠠᠮᠢᠰᠬᠤᠯ ᠳᠤ ᠴᠢᠨᠢ ᠳᠤᠷ᠎ᠠ ᠪᠠᠷ ᠶᠢᠡᠨ ᠪᠦᠵᠢᠵᠤ ᠡᠷᠭᠡᠯᠡᠳᠡᠭ᠌
ᠠᠯᠭᠠᠨ ᠤ ᠴᠢᠨᠢ ᠭᠡ ᠳᠤ ᠵᠢᠷᠤᠭᠠᠰᠤ ᠲᠡᠶ ᠡᠷᠭᠡᠯᠡᠳᠡᠭ᠌
ᠣᠴᠠᠷᠳᠠᠯᠠ ᠪᠠᠨ ᠵᠤᠪᠠᠵᠤ ᠵᠢᠷᠭᠠᠵᠤ ᠡᠷᠭᠡᠯᠡᠳᠡᠭ᠌
ᠣᠭᠳᠤᠭᠤᠯᠵᠤ᠂ ᠥᠳᠡᠭᠦᠯᠵᠤ ᠣᠯᠠᠮ ᠯᠠ ᠡᠷᠭᠡᠯᠡᠮᠡᠷ ᠪᠠᠢ᠌ᠨ᠎ᠠ ᠪᠢ᠃
ᠵᠤᠬᠢᠶᠠᠭᠴᠢ᠄ ᠯ·ᠪᠠᠢ᠌ᠭᠠᠯᠢᠮᠠ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3021
ᠴᠠᠭ᠄ 2009 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ