☆ ᠣᠶᠤᠠᠬᠠᠰ
ᠮᠢᠨᠤ ᠵᠢᠵᠢᠭ᠌ ᠳᠡᠯᠭᠡᠭᠦᠷ ᠲᠤ ᠪᠠᠨ
ᠢᠷᠠᠭᠤ ᠨᠠᠢ᠌ᠷᠠᠭ ᠤᠨ ᠠᠶᠤᠩᠭ᠋ᠠᠳᠤ ᠪᠣᠷᠤᠭᠠᠨ ᠳᠤᠮᠳᠠ
ᠪᠢ ᠮᠥᠭᠦᠭᠦ ᠪᠠᠷ
ᠳᠦᠷᠢᠶᠠᠰᠤᠨ ᠭᠡᠷ ᠲᠤ ᠪᠠᠨ ᠬᠤᠨᠤᠭᠯᠠᠪᠠ᠃
ᠭᠡᠨ ᠴᠤ ᠮᠠᠳᠠᠮᠠ ᠦᠭᠡᠶ ᠰᠡᠳᠭᠢᠯ ᠣᠷᠤᠰᠴᠤ
ᠴᠡᠴᠡᠭ᠍ᠳᠤ ᠣᠯᠠᠷᠢᠯ ᠳᠤ ᠪᠠᠨ ᠵᠢᠷᠭᠠᠵᠤ ᠶᠠᠪᠣᠯ᠎ᠠ᠃
ᠭᠠᠭᠴᠠ ᠰᠠᠯᠭᠢ ᠪᠣᠷᠤᠭᠠᠨ ᠢᠷᠡᠭᠦ ᠬᠤᠷᠤᠮ
ᠪᠢ ᠦᠨᠦᠴᠢᠷᠠᠪᠠ᠃
ᠠᠮᠢᠳᠤᠷᠠᠬᠤ ᠶᠢᠨ ᠲᠦᠯᠦᠭᠡ
ᠨᠡᠢ᠌ᠭᠡᠮ ᠤᠨ ᠰᠠᠯᠭᠢᠨ ᠳᠤ ᠭᠡᠢ᠌ᠰᠭᠡᠭ᠍ᠳᠡᠵᠤ ᠶᠠᠪᠣᠯ᠎ᠠ᠃
ᠪᠢ᠂ ᠰᠢᠷ᠎ᠠ ᠪᠦᠷᠦᠢ ᠪᠠᠷ
ᠢᠷᠠᠭᠤ ᠨᠠᠢ᠌ᠷᠠᠭ ᠤᠨ ᠣᠯᠤᠮ ᠳᠡᠭᠡᠷ᠎ᠡ ᠠᠮᠤᠰᠭᠢᠨᠠ᠃
ᠵᠢᠵᠢᠭ᠌ ᠳᠡᠯᠭᠡᠭᠦᠷ ᠤᠨ ᠴᠤᠩᠬᠤᠨ ᠳᠡᠭᠡᠷ᠎ᠡ
ᠰᠢᠷ᠎ᠠ ᠪᠦᠷᠦᠢ ᠣᠯᠠᠮ ᠦᠣᠡᠭᠡᠷᠡᠨᠡ᠃
ᠣᠢ᠌ᠤᠠᠬᠠᠷ ᠭᠤᠨᠢᠭ ᠶᠢᠡᠨ ᠡᠪᠭᠡᠵᠤ
ᠣᠯᠵᠤ ᠠᠯᠳᠠᠭᠰᠠᠨ ᠶᠢᠡᠨ ᠴᠤᠬᠤᠪᠣᠷᠢᠯᠠᠵᠤ ᠰᠠᠭᠤᠯ᠎ᠠ᠃
ᠣᠳᠠᠯ ᠦᠭᠡᠶ ᠴᠢᠨᠤ ᠣᠴᠢᠭᠰᠠᠨ ᠭᠠᠷᠠᠮ ᠳ᠋ᠤ
ᠪᠢ ᠭᠦᠷᠭᠦ ᠪᠣᠯᠵᠤᠰᠢ ᠥᠭᠡᠢ
ᠴᠢᠮᠠᠯᠠᠵᠤ ᠬᠠᠶᠠᠭᠰᠠᠨ ᠬᠠᠶᠢᠭ ᠲᠤ ᠴᠢᠨᠢ
ᠡᠪᠦᠯ ᠴᠤ ᠳᠤᠯᠠᠭᠠᠴᠠᠬᠤ ᠪᠣᠯᠵᠤᠰᠢ ᠦᠭᠡᠶ᠃
ᠭᠡᠪᠠᠷᠡᠭᠭᠡᠨ ᠵᠠᠯᠠᠭᠤ ᠨᠠᠰᠤ ᠪᠠᠨ
ᠠᠢ᠌ᠵᠢᠮᠳᠠᠢ᠌ᠬᠠᠨ ᠡᠣᠤᠭᠤᠴᠢᠵᠤ
ᠰᠡᠭᠦᠷᠡᠰᠤ ᠡᠴᠠ ᠪᠠᠨ ᠪᠢ
ᠰᠡᠳᠭᠢᠯ ᠶᠢᠡᠨ ᠨᠢᠭᠤᠪᠴᠢᠷᠬᠠᠵᠤ
ᠡᠳᠦᠷᠵᠢᠨ ᠳᠡᠯᠭᠡᠭᠦᠷ ᠶᠢᠡᠨ ᠰᠠᠭᠢᠨ᠎ᠠ᠃
ᠰᠡᠳᠭᠢᠯ ᠳᠤᠳᠤᠷᠠᠭᠢ ᠭᠠᠭᠴᠠ ᠭᠡᠷ ᠵᠢᠠᠨ
ᠰᠦ᠋ ᠶᠢᠨ ᠳᠡᠭᠡᠵᠢ ᠪᠠᠷ ᠶᠢᠡᠨ ᠮᠢᠯᠢᠶᠠᠵᠤ ᠰᠠᠭᠤᠪᠠ᠃
ᠦᠪᠡᠷ ᠶᠢᠡᠨ ᠦᠪᠡᠷ ᠲᠡᠶ ᠪᠠᠨ ᠪᠠᠢ᠌ᠯᠳᠤᠭᠰᠠᠭᠠᠷ
ᠦᠨᠦ ᠪᠦᠷ
ᠥᠩᠭᠡᠳᠤ ᠣᠯᠠᠷᠢᠯ ᠥᠩᠭᠡᠷᠡᠵᠤ ᠶᠠᠪᠣᠬᠤ ᠨᠢ ᠡ᠃
ᠵᠤᠬᠢᠶᠠᠭᠴᠢ ᠶᠢᠨ ᠬᠠᠶᠢᠭ᠄ ᠳᠦᠡᠭᠯᠢᠶᠦᠤ ᠬᠤᠳᠠ ᠶᠢᠨ ᠨᠢ᠋ᠮᠠᠨ ᠬᠤᠰᠢᠭᠤᠨ ᠤ ᠮᠢᠩ ᠷᠧᠨ ᠰᠤᠮᠤ
ᠵᠤᠬᠢᠶᠠᠭᠴᠢ᠄ ᠣᠶᠤᠠᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2010 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ