☆ ᠳ·ᠮᠥᠩᠭᠡ
ᠠᠷᠢᠭᠢᠨ ᠤ ᠴᠠᠭᠠᠨ᠎ᠠ ᠢᠯᠡᠭᠦᠤ ᠰᠠᠨᠠᠭ᠎ᠠ ᠥᠭᠡᠢ
ᠬᠤᠷᠢᠨ ᠨᠠᠰᠤ ᠪᠠᠨ ᠭᠦᠮᠤᠨ ᠤ ᠮᠠᠳᠠᠷᠠᠯ ᠡᠴᠡ ᠴᠢᠯᠦᠭᠡᠯᠡᠵᠤ
ᠬᠤᠶᠠᠷ ᠣᠳᠠᠭ᠎ᠠ ᠰᠤᠭᠳᠤᠭᠰᠠᠨ ᠢ ᠮᠢᠨᠢ ᠴᠢ
ᠰᠤᠨᠤᠰᠤᠭᠰᠠᠨ ᠴᠤ ᠪᠠᠢ᠌ᠵᠤ ᠮᠠᠳᠠᠨ᠎ᠠ
ᠬᠤᠩᠭ᠋ᠤᠷ ᠴᠢᠨᠤ ᠳᠤᠬᠠᠢ ᠬᠤᠭᠤᠰᠤᠨ ᠪᠣᠳᠤᠯ ᠳᠤ ᠳᠡᠮᠤᠯᠡᠭ᠍ᠰᠡᠭᠡᠷ
ᠬᠤᠷᠭᠤᠳᠠᠬᠤ ᠭᠠᠷᠠᠮ ᠶᠢᠡᠨ ᠪᠢ ᠠᠷᠢᠭᠢᠨ ᠡᠴᠡ ᠰᠤᠩᠭ᠋ᠤᠭᠰᠠᠨ ᠢ ᠮᠢᠨᠢ ᠠᠭᠤᠴᠢᠯᠠᠭᠠᠷᠠᠢ
ᠪᠦᠳᠦᠷᠢᠯ ᠳᠠᠭᠠᠭᠠᠬᠤ ᠦᠭᠡᠶ ᠡᠷ᠎ᠡ ᠭᠡᠵᠤ
ᠪᠣᠤ ᠨᠠᠮᠢ᠋ᠢ ᠵᠢᠮᠡᠯᠡᠭᠡᠷᠡᠢ
ᠪᠦᠳᠤᠨ ᠬᠤᠠᠳᠠᠭ᠎ᠠ ᠠᠷᠢᠭᠢ ᠨᠤᠭᠤᠳ᠂ ᠬᠠᠭᠠᠰ ᠰᠡᠳᠭᠢᠯ ᠢ ᠴᠢᠨᠢ ᠳᠦᠯᠦᠭᠡᠯᠡᠭᠦ ᠥᠭᠡᠢ
ᠭᠠᠭᠴᠠᠬᠠᠨ ᠥᠭᠡ ᠴᠢᠮᠠᠳᠤ ᠭᠡᠯᠡᠶ᠎ᠡ
ᠭᠠᠳᠠᠳᠠᠯᠠ ᠰᠤᠭᠳᠤᠭᠠᠤᠨ ᠣᠨᠠᠭᠰᠠᠨ ᠴᠤ
ᠭᠠᠳᠠᠨ᠎ᠠ ᠪᠦᠷ ᠭᠡᠭᠡᠷ᠎ᠡ ᠬᠤᠨᠤᠭᠰᠠᠨ ᠴᠤ
ᠴᠢᠮᠢ᠋ᠢ ᠣᠯᠬᠤ ᠦᠭᠡᠶ ᠰᠡᠳᠭᠢᠯ ᠵᠢᠠᠨ
ᠴᠠᠭ ᠤᠨ ᠮᠤᠩᠬᠠᠷᠠᠯ ᠶᠢᠡᠷ ᠠᠷᠭᠠᠳᠠᠭᠰᠠᠨ
ᠮᠢᠨᠤ ᠬᠠᠢ᠌ᠷ᠎ᠠ ᠳᠤ ᠪᠣᠷᠤᠭᠤ ᠦᠭᠡᠶ ᠰᠢᠤ᠂ ᠪᠣᠷᠤᠭᠤ ᠦᠭᠡᠶ᠃
ᠬᠤᠭᠤᠰᠤᠨ ᠪᠦᠭᠦᠨ ᠶᠢᠡᠨ ᠪᠠᠯᠠᠢ ᠪᠠᠷ ᠨᠥᠭᠦᠭ᠍ᠰᠡᠨ ᠡ᠊ᠨᠳᠡᠭᠦᠷᠡᠯ
ᠬᠤᠤᠷᠳᠠᠭᠤᠯᠤᠯᠳᠤ ᠠᠷᠢᠭᠢᠨ ᠤ ᠮᠢᠨᠢ ᠴᠠᠭᠠᠨ᠎ᠠ
ᠬᠤᠶᠠᠷᠳᠠᠮᠠᠯ ᠰᠠᠨᠠᠭ᠎ᠠ ᠦᠭᠡᠶ ᠶᠢ ᠣᠬᠠᠵᠤ
ᠰᠤᠭᠳᠤᠭᠤ ᠶᠢᠨ ᠶᠢᠷᠳᠢᠠᠴᠤ ᠡᠴᠡ ᠭᠠᠷᠤᠭᠰᠠᠨ
ᠰᠤᠯᠤᠭᠠᠢ ᠪᠣᠷᠤᠭᠤ ᠥᠭᠡ ᠨᠤᠭᠦᠳ ᠲᠤ ᠮᠢᠨᠢ
ᠮᠢᠩᠭ᠋᠎ᠠ ᠲᠦᠮᠡ ᠪᠠᠷ ᠳᠠᠭᠢᠵᠤ ᠳᠠᠭᠤᠳᠠᠭᠰᠠᠨ ᠴᠢᠨᠤ ᠨᠠᠷᠠ ᠯᠠ
ᠮᠡᠯᠮᠡᠷᠡᠭᠦ ᠨᠢᠯᠪᠣᠰᠤ ᠲᠡᠶ ᠮᠢᠨᠢ ᠴᠤᠭ ᠣᠠᠳᠤᠷᠴᠤ ᠪᠠᠢ᠌ᠭᠰᠠᠨ ᠢ ᠴᠡᠭᠡᠵᠢᠯᠡᠭᠡᠷᠡᠢ᠃
ᠵᠤᠬᠢᠶᠠᠭᠴᠢ᠄ ᠳ·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ