☆ ᠬᠠᠨ ᠵᠢᠷᠤᠮᠳᠤ
ᠵᠠᠮ ᠤᠨ ᠬᠠᠵᠠᠭᠤᠳᠠᠭᠢ ᠴᠡᠴᠭ᠌
ᠵᠤᠰᠠᠭᠠᠯ ᠤᠨ ᠨᠤᠭᠤᠭᠠᠨ ᠳᠠᠯ᠎ᠠ ᠪᠠᠷ
ᠵᠥᠷᠢᠭ᠌ ᠵᠠᠮ ᠰᠤᠨᠤᠯᠵᠠᠨ᠎ᠠ
ᠵᠥᠷᠢᠭ᠌ ᠵᠠᠮ ᠢ ᠳᠠᠭᠠᠭᠠᠤᠨ
ᠵᠣᠢ᠌ᠯ ᠤᠨ ᠴᠡᠴᠡᠭ᠌ ᠮᠦᠰᠢᠶᠠᠨ᠎ᠠ
ᠬᠠᠪᠣᠷ ᠤᠨ ᠤᠷᠢᠬᠠᠨ ᠰᠠᠯᠭᠢᠨ ᠳ᠋ᠤ
ᠬᠠᠮᠤᠭ ᠪᠠᠶ᠎ᠠ ᠨᠢ ᠠᠮᠢᠯᠠᠪᠠ
ᠬᠠᠯᠠᠭᠤᠨ ᠵᠤᠨ ᠤ ᠨᠠᠷᠠᠨ ᠳ᠋ᠤ
ᠬᠠᠢ᠌ᠷᠠᠬᠠᠨ ᠳᠠᠯᠪᠢ ᠨᠢ ᠪᠦᠷᠢᠳᠦᠪᠡ
ᠠᠶᠠᠨ ᠳᠠᠭᠠᠨ ᠵᠥᠳᠡᠷᠡᠭᠦ ᠭᠦᠮᠦᠰ
ᠠᠩᠭᠢᠯᠤᠮ᠎ᠠ ᠥᠨᠦᠷ ᠳᠤᠨᠢ ᠪᠠᠶᠠᠰᠤᠨ᠎ᠠ
ᠠᠵᠢᠯᠴᠢ ᠪᠠᠯᠳᠤ ᠵᠥᠭᠡᠢ᠌ᠤᠨ
ᠠᠮᠳᠠᠳᠤ ᠰᠢᠮ᠎ᠠ ᠳ᠋ᠤᠨᠢ ᠰᠤᠭᠳᠤᠭᠤᠷᠠᠨ᠎ᠠ
ᠬᠠᠨ ᠠᠭᠤᠯᠠ ᠶᠢ ᠴᠠᠰᠤ ᠳᠠᠷᠤᠵᠤ
ᠬᠠᠭᠢᠷ ᠡᠪᠦᠯ ᠰᠠᠭᠠᠳᠠᠪᠠ
ᠬᠠᠮᠤᠭ ᠪᠣᠳᠠᠰ ᠢ ᠮᠦᠰᠤ ᠳᠠᠷᠤᠵᠤ
ᠬᠠᠨᠠᠭᠠᠷ ᠳᠠᠯ᠎ᠠ ᠬᠤᠪᠬᠠᠢ᠌ᠷᠠᠪᠠ
ᠵᠤᠯᠭᠠᠷᠠᠭᠰᠠᠨ ᠴᠡᠴᠡᠭ᠌ ᠤᠨ ᠨᠠᠪᠴᠢᠰ
ᠵᠠᠳᠠᠷᠠᠨ ᠰᠠᠷᠨᠢᠵᠤ ᠤᠬᠢᠯᠡᠨᠡ
ᠵᠠᠮᠠᠨᠠᠭᠠᠤᠨ ᠭᠠᠷᠬᠤ ᠭᠦᠮᠦᠰ
ᠵᠢᠪᠭᠡᠭᠦᠷᠴᠤ ᠴᠠᠰᠢ ᠶᠠᠪᠣᠨ᠎ᠠ
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ