☆ ᠳ᠋·ᠨᠤᠮᠴᠢ
ᠮᠠᠯᠴᠢᠳ ᠤᠨ ᠰᠢᠨ᠎ᠡ ᠳᠤᠰᠬᠤᠨ
ᠭᠦᠭ᠍ᠰᠢᠨ ᠡᠮᠧ ᠶᠢᠨ ᠭᠡᠯᠡᠭ᠍ᠰᠡᠨ
《ᠭᠦᠰᠢᠭᠯᠡᠭᠡ ᠰᠢᠭ᠌》 ᠵᠢᠵᠢᠭ᠌ ᠪᠠᠢ᠌ᠰᠢᠩ ᠤᠳ
ᠭᠦᠭᠡᠭᠡ ᠡᠪᠦᠯ ᠤᠨ ᠭᠦᠢᠳᠡᠨ ᠳ᠋ᠤ
ᠭᠦᠯᠳᠡᠴᠢᠭᠡᠭ᠍ᠰᠡᠨ ᠰᠢᠭ᠌ ᠪᠠᠷᠪᠠᠢ᠌ᠵᠤ ᠬᠠᠷᠠᠭᠳᠠᠨ᠎ᠠ᠂
ᠥᠷᠯᠦᠭᠡ ᠶᠢᠨ ᠭᠡᠭᠡ ᠪᠠᠷ
ᠣᠳᠤᠭ᠎ᠠ ᠣᠨᠢᠶᠠᠷ ᠡᠭᠢᠯᠡᠭᠡ ᠨᠢ ᠦᠭᠡᠶ᠂
ᠡᠪᠳᠡᠷᠭᠡᠢ ᠮᠠᠰᠢᠨ ᠰᠢᠭ ᠴᠠᠭ ᠬᠤᠭᠤᠴᠠᠭ᠎ᠠ
ᠡ᠊ᠨᠳᠡ ᠵᠤᠭᠰᠤᠩᠭ᠋ᠣᠢ᠌ᠷᠠᠨᠠ᠃
ᠴᠠᠷᠴᠠᠴᠢᠬᠠᠭᠰᠠᠨ ᠮᠠᠳᠤ ᠡᠯᠦᠢ ᠬᠤᠯᠤᠢ ᠶᠢᠨ ᠳᠤᠮᠳᠠ
ᠴᠠᠰᠭᠢᠨ ᠣᠭᠢᠯᠠᠬᠤ ᠬᠡᠦᠬᠡᠳ ᠤᠨ ᠳᠠᠭᠤ
ᠠᠯᠠᠭᠠᠳᠠᠭᠤᠯᠤᠭᠰᠠᠨ ᠪᠣᠯᠤᠯᠳᠠᠢ
ᠠᠶᠠᠠᠳᠠᠭᠠᠨ ᠪᠦᠳᠡᠭᠢᠷᠡᠨ᠎ᠡ᠃
ᠪᠦᠭᠦᠢᠯᠡ ᠠᠮᠢᠳᠤᠷᠠᠯ
ᠪᠦᠷᠢᠨ ᠳᠠᠭᠤᠰᠴᠢᠬᠠᠭᠰᠠᠨ ᠰᠢᠭ ᠠᠵᠢᠨ ᠳᠦᠵᠢᠨ᠃
ᠬᠠᠮᠢᠭ᠎ᠠ ᠴᠤ ᠪᠠᠢ᠌ᠬᠤ ᠪᠣᠯᠤᠭᠰᠠᠨ
ᠬᠠᠮᠢᠭ᠎ᠠ ᠴᠤ ᠪᠠᠢ᠌ᠬᠤ ᠦᠭᠡᠶ ᠪᠣᠯᠬᠤ
ᠨᠠᠷᠢᠬᠠᠨ ᠭᠤᠳᠤᠮᠵᠢ ᠲᠡᠶ ᠡᠨᠡ ᠳᠤᠰᠬᠤᠨ ᠳ᠋ᠤ
ᠨᠠᠷᠠ ᠦᠳᠡ ᠭᠤᠤᠯᠯᠠᠬᠤ ᠪᠠᠷ
ᠠᠮᠢᠳᠤᠷᠠᠯ ᠡᠭᠢᠯᠡᠨ᠎ᠡ᠂ ᠠᠷᠢᠭᠢ ᠣᠤᠭᠤᠵᠤ ᠡᠭᠢᠯᠡᠨ᠎ᠡ᠂
ᠢᠷᠠᠭᠤ ᠨᠠᠢ᠌ᠷᠠᠭ ᠰᠢᠭ
ᠢᠷᠠᠭᠤᠬᠠᠨ ᠢᠨᠢᠶᠠᠳᠤ ᠴᠠᠯᠭᠢᠵᠤ ᠡᠭᠢᠯᠡᠨ᠎ᠡ ᠡ᠃
ᠭᠠᠳᠠᠨ᠎ᠠ ᠪᠠᠨ ᠭᠠᠵᠠᠷ ᠳᠠᠮᠠᠭᠠᠯᠠᠬᠤ ᠮᠠᠯ ᠥᠭᠡᠢ
ᠭᠠᠵᠠᠷ ᠰᠡᠡᠵᠢᠯᠡᠭᠦ ᠭᠠᠬᠠᠢ ᠴᠤ ᠦᠭᠡᠶ᠂
ᠬᠠᠭᠤᠴᠢᠨ ᠨᠤᠳᠤᠭ ᠤᠨ ᠪᠠᠯᠴᠢᠭᠡᠷ ᠣᠰᠤ
ᠬᠠᠮᠢᠭ᠎ᠠ ᠬᠤᠯᠠ ᠶᠢᠨ ᠭᠠᠵᠠᠷ
ᠪᠣᠶᠠᠨ ᠲᠡᠶ ᠭᠡᠳᠤᠨ ᠭᠦᠮᠤᠨ ᠡᠴᠠ ᠣᠠᠳᠤᠤ
ᠪᠣᠯᠵᠤᠮᠤᠷ ᠴᠤ ᠪᠣᠷᠵᠤᠭᠠᠯᠠᠵᠤ ᠦᠯᠦ ᠪᠣᠯᠬᠤ
ᠪᠢᠳᠡᠭᠦᠤ ᠬᠠᠭᠠᠯᠳᠠᠳᠠᠢ᠃
ᠪᠣᠷᠳᠤᠭᠠᠨ ᠳᠠᠷᠢᠶᠠᠨ ᠤ ᠠᠷᠴᠢᠭᠤᠷ
ᠪᠣᠯᠤᠩ ᠤᠨ ᠬᠠᠰᠢᠶᠠᠨ ᠳ᠋ᠤ
ᠪᠣᠷᠤ ᠵᠢᠪᠠᠨ ᠳᠤ ᠢᠳᠡᠭᠦᠯᠦᠭᠡᠰᠦᠳᠡᠢ᠂
ᠭᠠᠭᠴᠠ ᠶᠡᠭᠡ ᠠᠵᠢᠯ ᠨᠢ ᠨᠠᠢ᠌ᠷ
ᠭᠠᠩᠭ᠋ᠠᠷ ᠱᠠᠭᠠᠵᠠᠩ ᠬᠤᠠᠳᠠᠭ᠎ᠠ ᠤᠳ
ᠭᠠᠳᠠᠨ᠎ᠠ ᠳᠤᠳᠤᠨ᠎ᠠ ᠦᠭᠡᠶ ᠳᠤᠩᠭ᠋ᠣᠢ᠌ᠯᠴᠠᠨᠠ
ᠭᠢᠯᠠᠭᠠᠷ ᠣᠭᠤᠳᠠ ᠲᠡᠶ ᠠᠷᠢᠭᠢ
ᠭᠢᠯᠠᠢ᠌ᠬᠤ ᠪᠠᠷ᠎ᠠ ᠦᠭᠡᠶ ᠬᠤᠭᠤᠰᠤᠷᠠᠨ᠎ᠠ᠂
ᠨᠠᠮᠤᠷ ᠡᠴᠠ ᠡᠭᠢᠯᠡᠭᠦ ᠨᠠᠢ᠌ᠷ
ᠬᠠᠪᠣᠷ ᠤᠨ ᠡᠭᠢ ᠪᠠᠷ ᠦᠨᠳᠦᠷᠯᠠᠨᠡ
ᠨᠠᠰᠤᠳᠠᠨ ᠤ ᠵᠢᠯ ᠵᠢᠷᠭᠢᠭᠦ ᠨᠠᠢ᠌ᠷ
ᠨᠠᠭᠠᠰᠢᠯᠠᠵᠤ ᠭᠤᠴᠢᠨ ᠳᠤᠯᠤᠭ᠎ᠠ ᠡᠴᠠ ᠡᠭᠢᠯᠡᠨ᠎ᠡ᠂
ᠬᠤᠶᠠᠷ ᠵᠠᠯᠠᠭᠤ ᠶᠢᠨ ᠬᠤᠷᠢᠮ ᠤᠨ ᠨᠠᠢ᠌ᠷ
ᠬᠣᠢ᠌ᠭᠤᠷ ᠣᠷᠢᠳᠠᠭᠤᠷ ᠬᠡᠦᠭᠡᠳ ᠨᠢ ᠮᠥᠯᠭᠦᠳᠡᠯᠡ ᠥᠷᠭᠦᠯᠵᠢᠯᠡᠨ᠎ᠡ᠂
ᠠᠮᠢᠳᠤᠷᠠᠯ ᠡ᠊ᠨᠳᠡ
ᠨᠠᠢ᠌ᠷ ᠶᠢᠡᠷ ᠡᠭᠢᠯᠡᠵᠤ ᠨᠠᠢ᠌ᠷ ᠶᠢᠡᠷ ᠳᠠᠭᠤᠰᠤᠨ᠎ᠠ᠃
ᠭᠤᠷᠪᠠᠨ ᠠᠶᠠᠭ᠎ᠠ ᠠᠷᠢᠭᠢᠨ ᠳ᠋ᠤ
ᠭᠤᠤᠯ ᠨᠢ ᠳᠡᠪᠳᠡᠭᠦ ᠭᠦᠮᠤᠨ ᠡ᠊ᠨᠳᠡ ᠥᠭᠡᠢ
ᠭᠤᠳᠤᠯ ᠤᠨ ᠳᠦᠷᠠᠢ ᠳᠡᠭᠡᠨ ᠰᠢᠭᠡᠭᠦ ᠵᠢ
ᠭᠠᠢ᠌ᠬᠠᠯ ᠪᠣᠯᠭᠠᠬᠤ ᠠᠮᠢᠳᠠᠨ ᠦᠭᠡᠶ᠃
ᠭᠦᠮᠤᠨ ᠪᠦᠭᠦᠨ ᠭᠠᠷ ᠣᠳᠠᠰᠤ ᠪᠠᠷ ᠶᠠᠷᠢᠨ᠎ᠠ ᠁
ᠠᠮᠢᠳᠤᠷᠠᠯ ᠶᠠᠭᠠᠭᠢᠬᠤ ᠶᠢᠨ ᠠᠷᠭ᠎ᠠ ᠦᠭᠡᠶ ᠶᠠᠭᠠᠷᠠᠤ ᠰᠢᠭ᠃
ᠭᠦᠨᠡᠰᠤᠨ ᠤ ᠰᠢᠰᠢ ᠨᠢ ᠭᠦᠷᠢᠶᠡᠨ ᠳᠤᠮᠳᠠ ᠨᠢ ᠭᠡᠪᠳᠡᠨ᠎ᠡ ᠁
ᠭᠦᠮᠤᠨ ᠠᠮᠢᠳᠠᠨ ᠡᠴᠠ ᠢᠯᠡᠭᠦᠤ ᠳᠡᠭᠡᠨ ᠭᠠᠷᠤᠴᠢᠬᠠᠭᠰᠠᠨ ᠰᠢᠭ᠃
ᠮᠠᠯᠴᠢᠳ ᠤᠨ ᠡᠨᠡᠭᠦ ᠰᠢᠨ᠎ᠡ ᠳᠤᠰᠬᠤᠨ ᠳ᠋ᠤ
ᠮᠠᠷᠭᠤᠰᠢ ᠦᠭᠡᠶ ᠰᠦᠨᠢ ᠳᠦᠯᠢ ᠥᠩᠭᠡᠷᠡᠳᠡᠯ᠎ᠡ ᠨᠣᠢ᠌ᠷ ᠥᠭᠡᠢ
ᠮᠠᠷᠭᠠᠰᠢ ᠶᠢᠨ ᠨᠠᠷᠠ ᠪᠠᠷ ᠥᠡᠳᠡᠢ᠌ᠭᠦ ᠠᠮᠢᠳᠠᠨ ᠯᠠᠪ ᠦᠭᠡᠶ᠃
ᠵᠤᠬᠢᠶᠠᠭᠴᠢ ᠶᠢᠨ ᠬᠠᠶᠢᠭ ᠄ ᠪᠠᠷᠠᠭᠤᠨ ᠪᠠᠭᠠᠷᠢᠨ᠂ ᠪᠠᠢ᠌ᠰᠢᠩᠳᠤ
ᠵᠤᠬᠢᠶᠠᠭᠴᠢ᠄ ᠳ᠋·ᠨᠤᠮᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ