☆ ᠨᠠ᠊·ᠬᠦᠬᠡᠰᠢᠭᠤᠢ
ᠬᠤᠨᠢ ᠲᠠᠢ ᠬᠦᠮᠦᠨ ᠤ ᠰᠢᠯᠦᠭ
᠊᠊᠊᠊᠊᠊᠊᠊᠊᠊᠊᠊᠊᠊᠊ ᠬᠤᠨᠢ ᠲᠡᠶ ᠭᠦᠮᠦᠰ ᠳᠤ
(ᠭᠠᠳᠠᠨ᠎ᠠ ᠨᠢᠭᠡ ᠰᠢᠯᠦᠭ᠌)
1
ᠬᠤᠨᠢᠨ ᠵᠢᠯ ᠳᠦᠷᠦᠭ᠍ᠰᠡᠨ ᠪᠢᠯᠠ
ᠬᠤᠨᠢ ᠠᠳᠠᠯᠢ ᠥᠰᠦᠭ᠍ᠰᠡᠨ ᠪᠢᠯᠠ
ᠬᠤᠪᠢ ᠪᠠᠨ ᠰᠠᠭᠢᠵᠤ ᠶᠠᠪᠣᠭᠰᠠᠨ ᠪᠢᠯᠠ
ᠪᠠᠶ᠎ᠠ ᠪᠠᠨ ᠮᠠᠳᠠᠵᠤ ᠠᠮᠢᠳᠤᠷᠠᠭᠰᠠᠨ ᠪᠢᠯᠠ
2
ᠮᠠᠨ ᠤ ᠭᠡᠷ ᠲᠡᠭᠡᠨ ᠬᠤᠶᠠᠷ ᠬᠤᠨᠢ ᠳᠠᠢ
ᠮᠠᠭᠠᠤᠨ ᠦᠭᠡᠶ ᠨᠢᠭᠡ ᠬᠤᠨᠢᠴᠢᠨ ᠳᠠᠢ
ᠮᠠᠷᠭᠤᠭᠠᠨ ᠦᠭᠡᠶ ᠨᠢᠭᠡ ᠪᠠᠯᠴᠢᠭᠡᠷ ᠳᠠᠢ
ᠶᠠᠷᠭᠢᠶᠠᠨ ᠦᠭᠡᠶ ᠨᠢᠭᠡ ᠠᠮᠢᠳᠤᠷᠠᠯ ᠳᠠᠢ
3
ᠳᠠᠯ᠎ᠠ ᠳᠤ ᠰᠠᠴᠤᠭᠰᠠᠨ ᠰᠤᠪᠣᠤᠨ ᠪᠢᠯᠠ
ᠳᠠᠪᠤᠨ ᠬᠤᠰᠢᠭᠤ ᠮᠠᠯ ᠤᠨ ᠨᠢᠭᠡ ᠪᠢᠯᠠ
ᠳᠠ ᠪᠢᠳᠠᠨ ᠤ ᠬᠤᠨᠢ ᠪᠢᠯᠠ
ᠳᠠᠩᠰᠤᠭ ᠠᠮᠢᠳᠤᠷᠠᠯ ᠤᠨ ᠬᠠᠨᠢ ᠪᠢᠯᠠ
4
ᠨᠢᠭᠦᠯ ᠭᠢᠭ᠍ᠰᠡᠨ ᠬᠤᠨᠢ ᠭᠡᠵᠤ ᠥᠭᠡᠢ
ᠪᠣᠶᠠᠨ ᠭᠢᠭ᠍ᠰᠡᠨ ᠴᠢᠨ᠋ᠸ᠎ᠠ ᠭᠡᠵᠤ ᠥᠭᠡᠢ
ᠨᠢᠰᠤ ᠪᠠᠨ ᠴᠢᠷᠦᠭ᠍ᠰᠡᠨ ᠪᠠᠶᠠᠨ ᠭᠡᠵᠤ ᠥᠭᠡᠢ
ᠨᠢᠷᠤᠭᠤ ᠪᠠᠨ ᠡᠭᠦᠷᠦᠭ᠍ᠰᠡᠨ ᠶᠠᠳᠠᠭᠤ ᠭᠡᠵᠤ ᠥᠭᠡᠢ
5
ᠳᠦᠷᠦᠭᠦ ᠳᠡᠭᠡᠨ ᠭᠦᠮᠤᠨ ᠣᠭᠢᠯᠠᠨ᠎ᠠ ᠭᠡᠭᠦ ᠳ᠋ᠤ
ᠥᠭᠦᠭᠦ ᠳᠡᠭᠡᠨ ᠬᠤᠨᠢ ᠣᠭᠢᠯᠠᠬᠤ ᠥᠭᠡᠢ
ᠲᠦᠷᠦᠯ ᠶᠢᠡᠨ ᠭᠦᠮᠤᠨ ᠮᠠᠷᠳᠠᠨ᠎ᠠ ᠭᠡᠭᠦ ᠳ᠋ᠤ
ᠳᠠᠨᠢᠯ ᠶᠢᠡᠨ ᠬᠤᠨᠢ ᠮᠠᠷᠳᠠᠬᠤ ᠥᠭᠡᠢ
6
ᠬᠤᠨᠢᠨ ᠤ ᠠᠷᠠᠰᠤ ᠨᠥᠮᠦᠷᠦᠭ᠍ᠰᠡᠨ ᠴᠢᠨ᠋ᠸ᠎ᠠ
ᠬᠤᠨᠢᠨ ᠤ ᠳᠤᠮᠳᠠ ᠨᠢᠭᠤᠵᠤ ᠶᠠᠪᠣᠨ᠎ᠠ
ᠭᠦᠮᠤᠨ ᠤ ᠠᠷᠠᠰᠤ ᠨᠥᠮᠦᠷᠦᠭ᠍ᠰᠡᠨ ᠮᠠᠯ
ᠭᠦᠮᠤᠨ ᠤ ᠳᠤᠮᠳᠠ ᠮᠥᠭᠡᠷᠡᠵᠤ ᠶᠠᠪᠣᠨ᠎ᠠ
7
ᠬᠤᠨᠢ ᠲᠡᠶ ᠭᠦᠮᠤᠨ ᠢ ᠮᠠᠭᠤ ᠭᠡᠤᠨ
ᠴᠢᠨ᠋ᠸ᠎ᠠ ᠲᠡᠶ ᠭᠦᠮᠤᠨ ᠣᠯᠢᠨ᠎ᠠ
ᠴᠢᠨ᠋ᠸ᠎ᠠ ᠲᠡᠶ ᠭᠦᠮᠤᠨ ᠢ ᠰᠠᠢ᠌ᠨ ᠭᠡᠤᠨ
ᠬᠤᠨᠢ ᠲᠡᠶ ᠭᠦᠮᠤᠨ ᠮᠠᠢ᠌ᠯᠠᠨᠠ
8
ᠴᠢᠨᠤ ᠪᠠᠯᠴᠢᠭᠡᠷ ᠬᠠᠮᠢᠭ᠎ᠠ ᠪᠠᠢ᠌ᠨ᠎ᠠ ᠭᠡᠵᠤ
ᠬᠤᠨᠢ ᠴᠢᠨ᠋ᠸ᠎ᠠ ᠳᠤ ᠠᠮᠤᠷ ᠡᠷᠢᠨ᠎ᠡ
ᠮᠢᠨᠤ ᠬᠤᠭᠤᠯᠠ ᠡ᠊ᠨᠳᠡ ᠪᠠᠢ᠌ᠨ᠎ᠠ ᠭᠡᠵᠤ
ᠴᠢᠨ᠋ᠸ᠎ᠠ ᠬᠤᠨᠢ ᠶᠢ ᠡᠷᠡᠤ ᠪᠠᠷ ᠶᠢᠡᠨ ᠳᠤᠭᠢᠨ᠎ᠠ
9
ᠨᠤᠪ ᠨᠤᠮᠤᠬᠠᠨ ᠭᠡᠪᠳᠡᠵᠤ ᠪᠠᠢ᠌ᠭᠠᠤᠨ
ᠠᠪ ᠠᠮᠠᠷᠬᠠᠨ ᠥᠭᠦᠵᠤ ᠦᠭᠭᠦᠨ᠎ᠡ
ᠳᠠᠪ ᠳᠡᠭ᠍ᠳᠡᠢ᠌ᠳᠡᠯᠡ ᠢᠳᠠᠵᠤ ᠪᠠᠷᠠᠭᠠᠤᠨ
ᠳᠠᠢ᠌ᠪ ᠳᠠᠢ᠌ᠪᠣᠭᠤᠬᠠᠨ ᠶᠤᠯᠬᠤᠯᠵᠠᠵᠤ ᠶᠠᠪᠣᠨ᠎ᠠ
10
ᠡᠪᠠᠰᠤ ᠢᠳᠡᠭᠡᠤᠨ ᠬᠤᠨᠢ ᠮᠢᠬ᠎ᠠ ᠭᠠᠷᠭᠠᠨ᠎ᠠ
ᠮᠢᠬ᠎ᠠ ᠢᠳᠡᠭᠡᠤᠨ ᠴᠢ ᠴᠠᠭᠠᠰᠤ ᠭᠠᠷᠭᠠᠨ᠎ᠠ
ᠦᠨᠡᠨ ᠢᠳᠡᠭᠡᠤᠨ ᠬᠤᠳᠠᠯ ᠭᠠᠷᠭᠠᠨ᠎ᠠ
ᠥᠭᠦᠳᠡᠯ᠎ᠡ ᠢᠳᠡᠭᠡᠤᠨ ᠥᠮᠡᠭᠡᠢ᠌ᠷᠡᠳᠡᠯᠡ ᠭᠠᠷᠭᠠᠨ᠎ᠠ
11
ᠬᠤᠨᠢ ᠶᠢ ᠦᠵᠡᠪᠠᠯ ᠪᠢ ᠦᠷᠦ ᠡᠪᠠᠦᠡᠴᠢᠭᠡᠨᠡ
ᠨᠠᠮᠢ᠋ᠢ ᠦᠵᠡᠪᠠᠯ ᠴᠢ ᠦᠷᠦ ᠡᠪᠠᠦᠡᠴᠢᠭᠡᠨᠡ
ᠬᠤᠨᠢᠨ ᠰᠡᠭᠦᠯ ᠡᠴᠡ ᠭᠡᠷᠡᠭ᠌ ᠭᠠᠷᠤᠨ᠎ᠠ
ᠮᠢᠨᠤ ᠰᠢᠯᠦᠭ᠌ ᠡᠴᠡ ᠭᠠᠯ ᠭᠠᠷᠤᠨ᠎ᠠ
12
ᠬᠤᠨᠢ ᠲᠡᠶ ᠭᠦᠮᠤᠨ ᠮᠤᠷᠢ ᠲᠡᠶ ᠪᠣᠯᠤᠭ
ᠮᠤᠷᠢ ᠲᠡᠶ ᠭᠦᠮᠤᠨ ᠬᠤᠨᠢ ᠲᠡᠶ ᠪᠣᠯᠤᠭ
ᠬᠤᠨᠢ ᠮᠠᠯ ᠦᠨᠢᠷ ᠪᠣᠯᠤᠭ
ᠬᠤᠪᠢ ᠵᠠᠶᠠᠭ᠎ᠠ ᠪᠠᠶᠠᠨ ᠪᠣᠯᠤᠭ
13
ᠬᠤᠨᠢ ᠲᠡᠶ ᠭᠦᠮᠤᠨ ᠤ ᠪᠢᠴᠢᠭ᠍ᠰᠡᠨ ᠰᠢᠯᠦᠭ᠌
ᠬᠤᠪᠢ ᠲᠡᠶ ᠭᠦᠮᠤᠨ ᠤ ᠣᠩᠰᠢᠭᠰᠠᠨ ᠵᠤᠬᠢᠶᠠᠯ
ᠬᠤᠨᠢᠨ ᠱᠦᠯᠦᠨ ᠳᠤ ᠴᠢᠨᠠᠭᠰᠠᠨ ᠨᠠᠢ᠌ᠷᠠᠭ
ᠬᠤᠶᠠᠩ ᠭᠡᠢ ᠶᠢ ᠳᠠᠷᠤᠭᠰᠠᠨ ᠠᠢ᠌ᠷᠠᠭ
ᠴᠣᠢ᠌ᠨᠤᠮ ᠥᠭᠦᠭᠡ ᠥᠭᠡᠢ
᠊᠊᠊᠊᠊᠊᠊᠊᠊᠊᠊᠊᠊᠊᠊ ᠴᠣᠢ᠌ᠨᠤᠮ ᠤᠨ ᠳᠤᠬᠠᠢ ᠰᠢᠯᠦᠭ᠌ ᠣᠯᠠᠨ
ᠰᠢᠯᠦᠭ᠌ ᠤᠨ ᠳᠤᠬᠠᠢ ᠴᠣᠢ᠌ᠨᠠᠮ ᠴᠥᠭᠡᠨ
ᠴᠣᠢ᠌ᠨᠠᠮ ᠭᠡᠭᠦ ᠳ᠋ᠤ
ᠴᠠᠰᠤᠳᠤ ᠠᠯᠳᠠᠢ ᠶᠢᠨ ᠴᠢᠯᠠᠭᠤ
ᠣᠭᠢᠯᠠᠩ ᠠᠯᠳᠠᠵᠤ ᠭᠦᠳᠡᠯᠦᠨ᠎ᠡ
ᠴᠠᠭᠠᠨ ᠭᠦᠷᠦᠭᠡᠰᠤᠨ ᠤ ᠰᠠᠯᠭᠢ
ᠰᠡᠭᠦᠷᠡᠰᠤ ᠠᠯᠳᠠᠵᠤ ᠱᠤᠭᠰᠢᠨ᠎ᠠ
ᠴᠣᠢ᠌ᠨᠤᠮ ᠭᠡᠭᠦ ᠳ᠋ᠤ
ᠣᠨᠤᠨ ᠮᠦᠷᠠᠨ ᠤ ᠣᠰᠤ
ᠨᠠᠷᠠ ᠪᠣᠷᠤᠭᠤᠯᠠᠵᠤ ᠳᠠᠭᠢᠷᠯᠠᠨᠠ
ᠣᠨᠠᠭᠠᠳᠤ ᠲᠦᠮᠡᠨ ᠤ ᠨᠢᠳᠤ
ᠨᠠᠪᠴᠢ ᠠᠯᠳᠠᠷᠠᠵᠤ ᠨᠢᠯᠪᠣᠰᠤᠷᠠᠨᠠ
ᠰᠢᠯᠦᠭ᠌ ᠤᠨ ᠮᠠᠩᠯᠠᠢ
ᠪᠢᠯᠢᠭ᠌ ᠤᠨ ᠳᠠᠩᠬᠠᠢ
ᠰᠤᠤᠳᠤ ᠴᠣᠢ᠌ᠨᠤᠮ
ᠴᠤᠤᠳᠤ ᠴᠣᠢ᠌ᠯᠠᠮᠠ
ᠪᠣᠷᠤᠭᠤ ᠡᠩᠭᠡᠷ ᠲᠤ ᠳᠤᠰᠤᠭᠰᠠᠨ ᠨᠠᠷᠠ
ᠪᠢᠳᠡᠭᠦᠤ ᠭᠡᠷ ᠲᠤ ᠠᠰᠬᠠᠭᠰᠠᠨ ᠰᠠᠷ᠎ᠠ
ᠣᠳᠤᠨ ᠭᠠᠷᠠᠭ ᠤᠨ ᠣᠩᠭ᠋ᠤᠨ ᠰᠢᠪᠰᠢᠭᠡ
ᠰᠤᠳᠤᠨ ᠮᠤᠩᠭ᠋ᠤᠯ ᠤᠨ ᠵᠢᠷᠦᠭᠡᠨ ᠳᠦᠭ᠍ᠰᠢᠭᠡ
ᠣᠨ ᠵᠢᠯ ᠢ ᠮᠠᠷᠳᠠᠭᠰᠠᠨ ᠭᠦᠮᠤᠨ
ᠣᠷᠤᠨ ᠭᠡᠷ ᠢ ᠴᠥᠯᠡᠭ᠍ᠰᠡᠨ ᠭᠦᠮᠤᠨ
ᠦᠨᠡᠨ ᠢ ᠭᠠᠭᠴᠠ ᠬᠠᠢ᠌ᠷᠠᠯᠠᠭᠰᠠᠨ ᠭᠦᠮᠤᠨ
《ᠦᠨᠡᠨ》 ᠲᠡᠶ ᠦᠰᠢᠯᠳᠤᠵᠤ ᠥᠭᠦᠭ᠍ᠰᠡᠨ ᠭᠦᠮᠤᠨ
ᠢᠷᠠᠭᠤ ᠨᠠᠢ᠌ᠷᠠᠭᠴᠢ ᠶᠢᠨ ᠢᠷᠠᠭᠤ ᠠᠯᠳᠠᠷ
ᠢᠷᠠᠭᠤ ᠠᠯᠳᠠᠷ ᠲᠡᠶ ᠪᠠᠷ ᠨᠠᠰᠤ ᠪᠠᠷᠠᠪᠠ
ᠢᠯᠠᠭ᠎ᠠ ᠰᠢᠮᠠᠭᠤᠯ ᠳᠡᠭᠡᠷ᠎ᠡ ᠨᠢ ᠰᠠᠭᠤᠵᠤ
ᠢᠷᠠᠭᠤ ᠰᠠᠢ᠌ᠬᠠᠨ ᠰᠢᠯᠦᠭ᠌ ᠪᠢᠴᠢᠪᠠ
ᠢᠷᠠᠭᠤ ᠨᠠᠢ᠌ᠷᠠᠭᠴᠢ
ᠶᠠᠭ ᠦᠨᠡᠨ ᠳᠡᠭᠡᠨ ᠥᠭᠦᠭᠡ ᠦᠭᠡᠶ ᠪᠠᠢ᠌ᠵᠠᠢ
《ᠶᠠᠯ᠎ᠠ》 ᠪᠣᠯᠤᠨ ᠭᠠᠪᠢᠶ᠎ᠠ ᠪᠠᠨ
ᠶᠠᠭᠠᠭᠢᠵᠤ ᠪᠣᠳᠤᠭᠠᠤᠨ ᠣᠯᠤᠭ᠎ᠠ ᠦᠭᠡᠶ ᠪᠠᠢ᠌ᠵᠠᠢ
ᠡᠯᠢᠭᠡᠨ ᠬᠠᠯᠠᠭᠤᠨ ᠴᠢᠰᠤ ᠶᠢ ᠨᠢ
ᠡᠭᠡ ᠣᠷᠤᠨ ᠳᠤᠰᠤᠭ᠎ᠠ ᠦᠭᠡᠶ ᠪᠠᠢ᠌ᠵᠠᠢ
ᠡᠨᠡ ᠭᠦᠮᠤᠨ ᠤ ᠨᠠᠷᠠ ᠵᠢ
ᠡᠷᠯᠢᠭ᠌ ᠠᠶᠤᠭᠠᠤᠨ ᠳᠠᠩᠰᠠᠯᠠᠭᠠ ᠦᠭᠡᠶ ᠪᠠᠢ᠌ᠵᠠᠢ
ᠴᠣᠢ᠌ᠨᠠᠮ ᠥᠭᠦᠭᠡ ᠥᠭᠡᠢ
ᠦᠨᠡᠨ ᠥᠭᠦᠭᠡ ᠦᠭᠡᠶ᠁
2002.12.20
《ᠶᠠᠭᠷᠠᠢ ᠬᠤᠳᠤᠭᠠᠷ》 ᠭᠡᠮᠡᠭᠦ ᠢᠷᠠᠭᠤ ᠨᠠᠢ᠌ᠷᠠᠭ ᠤᠨ ᠥᠷᠦᠭᠡᠨ᠎ᠡ
ᠵᠤᠬᠢᠶᠠᠭᠴᠢ᠄ ᠨᠠ᠊·ᠬᠦᠬᠡᠰᠢᠭᠤᠢ
ᠬᠠᠷᠢᠶ᠎ᠠ᠄
ᠰᠢᠯᠦᠭᠳᠠᠷᠤᠮ᠄ 2644
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ