ᠨᠡᠪᠲᠡᠷᠡᠨ ᠤᠷᠤᠬᠤ
ᠵᠠᠯᠢ ᠮᠡᠭᠡ

ᠬᠤᠪ ᠲᠡᠶ ᠳᠦᠷᠦᠭ᠍ᠰᠡᠨ ᠭᠦᠮᠦᠰ

ᠬᠤᠷᠤᠰᠤᠯ ᠶᠢᠡᠨ ᠴᠠᠢ᠌ᠯᠭᠠᠵᠤ ᠶᠠᠪᠣᠳᠠᠭ

ᠬᠤᠯᠢᠭᠰᠠᠨ ᠵᠠᠯᠢ ᠪᠠᠨ ᠭᠡᠷᠡᠭᠯᠡᠪᠠᠯ

ᠬᠤᠤᠷ ᠶᠢᠡᠷ ᠴᠤ ᠪᠦᠭᠡᠯᠵᠢᠵᠤ ᠮᠡᠳᠡᠭᠦ ᠶᠤᠮ

ᠣᠪ ᠲᠡᠶ ᠳᠦᠷᠦᠭ᠍ᠰᠡᠨ ᠭᠦᠮᠦᠰ

ᠣᠪᠣᠷ ᠶᠢᠡᠨ ᠴᠠᠭᠠᠤᠠᠬᠠᠵᠤ ᠶᠠᠪᠣᠳᠠᠭ

ᠣᠭᠰᠢᠭᠰᠠᠨ ᠮᠡᠭᠡ ᠪᠠᠨ ᠭᠡᠯᠭᠢᠪᠠᠯ

ᠣᠪᠣᠭ ᠨᠢ ᠴᠤ ᠬᠤᠪᠢᠷᠠᠵᠤ ᠮᠡᠳᠡᠭᠦ ᠶᠤᠮ

ᠵᠠᠯᠢ ᠮᠡᠭᠡ ᠭᠡᠳᠡᠭ᠌ ᠢ ᠴᠢᠨᠢ

ᠵᠠᠯᠭᠢᠵᠤ ᠣᠷᠤᠭᠤᠯᠤᠭᠠᠤᠨ ᠳᠠᠯᠳᠠᠯᠠᠭᠰᠠᠨ ᠴᠤ

ᠵᠠᠬ᠎ᠠ ᠠᠷᠠᠭ᠎ᠠ ᠳ᠋ᠤᠨᠢ ᠳᠤᠷᠤᠭᠠᠤᠨ

ᠵᠠᠪᠠᠵᠢ ᠪᠠᠷ ᠨᠢ ᠣᠷᠤᠰᠤᠨ ᠭᠠᠷᠬᠤ ᠶᠤᠮ

ᠵᠠᠯᠠᠭᠤ ᠨᠠᠰᠤᠨ ᠤ ᠵᠢᠷᠦᠭᠡ ᠮᠢᠨᠢ

ᠵᠠᠩ ᠰᠠᠤᠠᠭᠢᠯ ᠶᠢᠡᠨ ᠣᠢ᠌ᠯᠠᠭᠠᠯᠴᠠᠪᠠᠯ

ᠵᠠᠯᠢ ᠮᠡᠭᠡ ᠴᠤ ᠶᠠᠭᠠᠭᠢᠮᠠᠢ

ᠵᠠᠮ ᠶᠢᠡᠨ ᠠᠯᠳᠠᠵᠤ ᠳᠤᠳᠠᠭᠠᠬᠤ ᠶᠤᠮ

ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3635
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ