☆ ᠬᠠᠨᠠᠭᠠᠷ
ᠤᠷᠤᠭᠰᠢ ᠪᠠᠨ
ᠣᠷᠤᠭᠰᠢ ᠪᠠᠨ ᠳᠠᠮᠠᠤᠯᠠᠶᠠ
ᠬᠠᠮᠳᠤ ᠪᠠᠷ ᠣᠷᠤᠭᠰᠢ ᠪᠠᠨ
ᠲ᠋ᠤᠭ᠎ᠠ ᠦᠭᠡᠶ ᠭᠦᠴᠢᠷ ᠢ ᠳᠤᠭᠤᠯᠤᠭᠠᠤᠨ
ᠳᠤᠮᠤᠭ᠎ᠠ ᠦᠭᠡᠶ ᠨᠠᠰᠤ ᠪᠠᠨ ᠳᠠᠶᠠᠭᠳᠠᠭᠠᠤᠨ
ᠳᠤᠶᠠᠭᠠᠷᠠᠵᠤ ᠥᠵᠡᠭ᠍ᠳᠡᠭᠦ ᠭᠦᠰᠡᠯ ᠵᠥᠭ᠌
ᠳᠤᠳᠤᠬᠠᠨ ᠬᠠᠷᠠᠭᠳᠠᠬᠤ ᠢᠷᠦᠭᠡᠳᠦᠢ ᠵᠥᠭ᠌
ᠭᠦᠰᠡᠯ ᠤᠨ ᠶᠢᠡᠨ ᠲᠦᠯᠦᠭᠡ
ᠭᠦᠳᠡᠷᠯᠡᠵᠤ ᠣᠷᠤᠭᠰᠢ ᠪᠠᠨ
ᠮᠦᠷᠦᠭᠡᠳᠦᠯ ᠤᠨ ᠶᠢᠡᠨ ᠲᠦᠯᠦᠭᠡ
ᠮᠠᠷᠠᠢ᠌ᠵᠤ ᠣᠷᠤᠭᠰᠢ ᠪᠠᠨ
ᠲ᠋ᠠᠯ᠎ᠠ ᠰᠢᠭ ᠰᠡᠳᠭᠢᠯ ᠳᠠᠢ
ᠳᠠᠩᠭᠢᠰ ᠰᠢᠭ ᠪᠣᠳᠤᠯ ᠲᠡᠶ
ᠳᠡᠭ᠍ᠷᠢᠯᠢᠭ᠌ ᠰᠡᠳᠭᠢᠯ ᠢ ᠡᠪᠦᠷᠯᠡᠨ
ᠳᠠᠮᠡᠤᠯᠵᠤ ᠣᠷᠤᠭᠰᠢ ᠪᠠᠨ ᠮᠠᠷᠠᠢ᠌ᠨᠠ
ᠡᠷᠡᠨ ᠤ ᠠᠯᠬᠤᠴᠠ ᠶᠢ ᠲᠠᠭᠠᠨ
ᠡᠷᠴᠢᠯᠡᠵᠤ ᠳᠡᠭᠦᠨ ᠤ ᠪᠠᠨ ᠲᠦᠯᠦᠭᠡ
ᠡᠷᠳᠡᠮ ᠤᠨ ᠳᠠᠯᠠᠢ ᠳᠤ ᠱᠤᠩᠪᠠᠨ
ᠡᠨᠡᠭᠦ ᠣᠷᠤᠭᠰᠢ ᠪᠠᠨ ᠠᠯᠬᠤᠬᠤ ᠨᠢ ᠦᠦ
ᠮᠢᠩᠭ᠋ᠠᠨ ᠮᠢᠩᠭ᠋ᠠᠨ ᠬᠠᠪᠣᠷ ᠢ ᠥᠩᠭᠡᠷᠡᠭᠡᠨ
ᠮᠢᠨᠦ᠋ᠲ᠋ ᠴᠠᠭ ᠢ ᠡ᠊ᠨᠳᠡᠯ ᠦᠭᠡᠶ
ᠮᠢᠳᠠᠷᠠᠰᠢ ᠦᠭᠡᠶ ᠰᠡᠳᠭᠢᠯ ᠶᠢᠡᠷ
ᠮᠠᠷᠠᠢ᠌ᠨ ᠣᠷᠤᠭᠰᠢ ᠪᠠᠨ
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠠᠭᠠᠳᠤ ᠬᠤᠰᠢᠭᠤᠨ ᠤ ᠭᠦᠡᠳᠡᠯᠡᠨ ᠰᠤᠮᠤᠨ ᠤ ᠳᠠᠢ᠌ᠳᠠᠭ ᠭᠠᠴᠬᠠᠭᠠ
ᠵᠤᠬᠢᠶᠠᠭᠴᠢ᠄ ᠬᠠᠨᠠᠭᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3044
ᠴᠠᠭ᠄ 2011 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ