ᠨᠡᠪᠲᠡᠷᠡᠨ ᠤᠷᠤᠬᠤ
ᠱᠦᠯᠦ ᠬᠤᠪᠢᠶᠠᠬᠤ ᠳᠦᠷᠢᠮ

ᠡᠷᠭᠡ ᠰᠦᠷ ᠤᠨ ᠭᠢᠵᠠᠭᠠᠷᠯᠠᠯ ᠤᠨ ᠳᠦᠷᠢᠮ ᠪᠣᠯ ᠡᠷᠳᠡᠨ ᠡᠴᠡ ᠠᠪᠣᠭᠠᠤᠨ ᠭᠦᠮᠤᠨ ᠲᠦᠷᠦᠯᠭᠢᠳᠠᠨ ᠤ ᠳᠤᠯᠤᠭᠠᠢ ᠡᠪᠠᠦᠡᠭᠦ ᠠᠰᠠᠭᠤᠳᠠᠯ ᠪᠣᠯᠤᠭᠰᠠᠭᠠᠷ ᠢᠷᠡᠭ᠍ᠰᠡᠨ ᠶᠤᠮ᠃ ᠳᠤᠤᠷ᠎ᠠ ᠪᠢᠳᠠ ᠨᠢᠭᠡ ᠵᠢᠵᠢᠭ᠌ ᠥᠯᠢᠭᠡᠷ ᠢ ᠰᠤᠨᠢᠷᠬᠠᠶ᠎ᠠ ᠄

ᠡᠭᠡᠯ ᠵᠢᠷ ᠤᠨ ᠮᠥᠷᠳᠡᠭᠡᠨ ᠡᠷᠭᠡ ᠳᠡᠭ᠍ᠰᠢ ᠳᠤᠯᠤᠭᠠᠨ ᠭᠦᠮᠤᠨ ᠨᠢᠭᠡ ᠪᠠᠢ᠌ᠭᠤᠯᠤᠯᠭ᠎ᠠ ᠳᠤ ᠪᠠᠢ᠌ᠵᠠᠢ᠃ ᠳᠠᠳᠠᠨ ᠳᠤ ᠭᠡᠨ ᠠᠯᠢᠨ ᠶᠢᠡᠨ ᠬᠤᠤᠷᠯᠠᠬᠤ ᠭᠡᠰᠡᠨ ᠬᠠᠷ᠎ᠠ ᠰᠠᠨᠠᠭ᠎ᠠ ᠪᠠᠢ᠌ᠬᠤ ᠦᠭᠡᠶ ᠪᠣᠯᠪᠠᠴᠤ ᠦᠪᠡᠷ ᠤᠨ ᠠᠰᠢᠭ ᠳᠤᠰᠠᠨ ᠤ ᠳᠦᠯᠦᠭᠡ ᠬᠤᠪᠢᠠᠴᠢᠷ ᠪᠣᠳᠤᠯ ᠶᠢᠡᠨ ᠣᠰᠠᠳᠬᠠᠬᠤ ᠠᠷᠭ᠎ᠠ ᠦᠭᠡᠶ ᠪᠣᠯᠬᠤᠷ ᠡᠳᠦᠷ ᠳᠤᠳᠤᠮ ᠤᠨ ᠢᠳᠠᠰᠢᠨ ᠤ ᠠᠰᠠᠭᠤᠳᠠᠯ ᠢ ᠰᠡᠢ᠌ᠳᠪᠦᠷᠢᠯᠡᠭᠦ ᠭᠡᠵᠤ ᠪᠦᠭᠦᠳᠡᠭᠡᠷ ᠶᠢᠡᠨ ᠠᠳᠠᠯᠢ ᠪᠣᠰᠤ ᠠᠷᠭ᠎ᠠ ᠭᠠᠷᠭᠠᠵᠤ ᠳᠤᠷᠰᠢᠯᠳᠠ ᠪᠣᠯᠭᠠᠨ ᠪᠦᠷᠢᠨ ᠳᠡᠭᠦᠯᠳᠡᠷ ᠳᠦᠷᠢᠮ ᠳᠤᠭᠳᠠᠭᠠᠯ ᠪᠦᠷᠢᠯᠳᠦᠭᠦᠯᠭᠦ ᠭᠡᠮᠡᠨ ᠣᠬᠠᠭᠠᠨ ᠴᠢᠳᠠᠪᠣᠷᠢ ᠪᠠᠨ ᠰᠢᠪᠬᠠᠵᠠᠭᠠᠵᠠᠢ᠃

ᠳᠤᠭᠳᠠᠭᠰᠠᠨ ᠭᠡᠮᠵᠢᠭᠦᠷ ᠦᠭᠡᠶ ᠪᠠᠢ᠌ᠳᠠᠯ ᠳᠤ ᠭᠦᠴᠦᠷᠭᠡᠭᠯᠡᠯ ᠤᠨ ᠪᠣᠰᠤ ᠠᠷᠭ᠎ᠠ ᠪᠠᠷ ᠨᠢᠭᠡ ᠳᠤᠭᠤᠭ᠎ᠠ ᠱᠦᠯᠦ ᠬᠤᠪᠢᠶᠠᠬᠤ ᠪᠠᠷ ᠪᠣᠯᠪᠠ᠃ ᠶᠡᠭᠡ ᠲᠦᠯᠦᠪ ᠳᠤᠤᠷᠠᠭᠢ ᠭᠡᠳᠤᠨ ᠵᠣᠢ᠌ᠯ ᠪᠣᠯᠤᠨ᠎ᠠ᠄

ᠨᠢᠭᠡᠳᠦᠭᠡᠷ ᠠᠷᠭ᠎ᠠ᠄ ᠨᠢᠭᠡ ᠭᠦᠮᠤᠨ ᠢ ᠭᠠᠷᠭᠠᠵᠤ ᠳᠤᠰᠬᠠᠢ ᠱᠦᠯᠦ ᠬᠤᠪᠢᠶᠠᠯᠭᠠᠬᠤ ᠳᠦᠷᠢᠮ᠃ ᠢᠩᠭᠢᠭᠡᠳ ᠳᠠᠮᠠᠢ ᠣᠳᠠᠭᠰᠠᠨ ᠦᠭᠡᠶ ᠱᠦᠯᠦ ᠬᠤᠪᠢᠶᠠᠭᠴᠢ ᠶᠢᠨ ᠠᠶᠠᠭᠠᠨ ᠳ᠋ᠠᠭᠢ ᠨᠢ ᠶᠡᠭᠡ ᠮᠥᠷᠳᠡᠭᠡᠨ ᠰᠠᠢ᠌ᠨ ᠪᠠᠢ᠌ᠬᠤ ᠶᠢ ᠪᠦᠭᠦᠳᠡᠭᠡᠷ ᠶᠢᠡᠨ ᠮᠠᠳᠠᠵᠠᠢ᠃ ᠥᠭᠡᠷ᠎ᠡ ᠭᠦᠮᠤᠨ ᠢ ᠰᠤᠯᠢᠵᠤ ᠭᠡᠷᠡᠭᠯᠡᠭ᠍ᠰᠡᠨ ᠴᠤ ᠦᠷ᠎ᠡ ᠳ᠋ᠦ᠋ᠩ ᠨᠢ ᠪᠦᠷ ᠬᠤᠪᠢᠷᠠᠭ᠎ᠠ ᠦᠭᠡᠶ᠃ ᠡᠷᠭᠡ ᠰᠦᠷ ᠭᠦᠮᠤᠨ ᠢ ᠢᠯᠵᠢᠷᠠᠮᠠᠯ ᠪᠣᠯᠭᠠᠨ᠎ᠠ᠂ ᠬᠠᠷᠢᠴᠠᠯᠠᠰᠢ ᠦᠭᠡᠶ ᠡᠷᠭᠡ ᠰᠦᠷ ᠨᠠᠩ ᠴᠤ ᠠᠶᠤᠯ ᠲᠡᠶ᠃

ᠬᠤᠶᠠᠳᠤᠭᠠᠷ ᠠᠷᠭ᠎ᠠ᠄ ᠪᠦᠭᠦᠳᠡᠭᠡᠷ ᠶᠢᠡᠨ ᠡᠭᠡᠯᠵᠢᠯᠡᠨ ᠱᠦᠯᠦ ᠬᠤᠪᠢᠶᠠᠨ᠎ᠠ᠃ ᠢᠩᠭᠢᠭ᠍ᠰᠡᠨ ᠴᠢᠨᠢ ᠨᠢᠭᠡ ᠭᠦᠮᠤᠨ ᠨᠢ ᠨᠢᠭᠡ ᠡᠳᠦᠷ ᠢᠯᠡᠭᠦᠤ ᠬᠤᠪᠢᠶᠠᠵᠤ ᠠᠪᠬᠤ ᠶᠢ ᠵᠥᠪᠰᠢᠶᠡᠷᠡᠭ᠍ᠰᠡᠨ ᠮᠥᠷᠳᠡᠭᠡᠨ ᠭᠦᠮᠤᠨ ᠪᠦᠭᠦᠨ ᠪᠦᠷ ᠢᠯᠡᠭᠦᠤ ᠬᠤᠪᠢᠶᠠᠵᠤ ᠣᠯᠬᠤ ᠪᠣᠯᠵᠠᠢ᠃ ᠡᠭᠦᠨ ᠢ ᠥᠵᠡᠭᠦ ᠳᠤ ᠭᠡᠳᠥᠢᠪᠠᠷ ᠡᠷᠭᠡ ᠳᠡᠭ᠍ᠰᠢ ᠰᠢᠭ᠌ ᠪᠣᠯᠪᠠᠴᠤ ᠨᠢᠭᠡ ᠭᠠᠷᠠᠭ ᠲᠤ ᠨᠢᠭᠡ ᠡᠳᠦᠷ ᠨᠢ ᠴᠠᠳᠬᠤ ᠪᠦᠭᠡᠳ ᠢᠯᠡᠭᠦᠤ ᠭᠠᠷᠴᠤ᠂ ᠵᠢᠷᠭᠤᠭᠠᠨ ᠡᠳᠦᠷ ᠥᠯᠦᠰᠭᠦᠯᠡᠩ ᠶᠠᠪᠣᠬᠤ ᠪᠣᠯᠪᠠ᠃ ᠡᠨᠡ ᠠᠷᠭ᠎ᠠ ᠡᠭᠡ ᠪᠠᠶᠠᠯᠢᠭ ᠢ ᠪᠦᠷᠢᠯᠭᠡᠨ ᠰᠥᠢᠦᠡᠭᠡᠭᠦ ᠪᠠᠢ᠌ᠳᠠᠯ ᠡᠭᠦᠰᠭᠡᠵᠡᠢ᠃

ᠭᠤᠷᠪᠠᠳᠤᠭᠠᠷ ᠠᠷᠭ᠎ᠠ᠄ ᠪᠦᠭᠦᠳᠡᠭᠡᠷ ᠢᠳᠡᠭᠡᠯ ᠨᠠᠢ᠌ᠳᠠᠪᠣᠷᠢ ᠲᠡᠶ ᠨᠢᠭᠡ ᠭᠦᠮᠤᠨ ᠢ ᠰᠤᠩᠭ᠋ᠤᠵᠤ ᠱᠦᠯᠦ ᠬᠤᠪᠢᠶᠠᠬᠤ ᠠᠵᠢᠯ ᠢ ᠡᠷᠭᠢᠯᠡᠭᠦᠯᠵᠡᠢ᠃ ᠠᠩᠬ᠎ᠠ ᠡᠭᠢᠨ ᠳᠡᠭᠡᠨ ᠨᠠᠯᠢᠶᠠᠤᠨ ᠡᠷᠭᠡ ᠳᠡᠭ᠍ᠰᠢ ᠪᠠᠢ᠌ᠪᠠ᠃ ᠭᠡᠪᠠᠴᠤ ᠣᠳᠠᠭᠰᠠᠨ ᠴᠤ ᠦᠭᠡᠶ ᠦᠪᠡᠷ ᠳ᠋ᠤᠨᠢ ᠠᠰᠢᠭ ᠲᠡᠶ ᠪᠣᠶᠤ ᠪᠢᠯᠳᠠᠤᠴᠢᠯᠠᠳᠠᠭ ᠭᠦᠮᠤᠨ ᠳᠤ ᠢᠯᠡᠭᠦᠤ ᠬᠤᠪᠢᠶᠠᠬᠤ ᠪᠣᠯᠵᠠᠢ᠃ ᠭᠦᠮᠤᠨ ᠤ ᠬᠤᠪᠢᠠᠴᠢᠷ ᠰᠠᠨᠠᠭ᠎ᠠ ᠭᠡᠵᠢᠶᠡᠳᠡ ᠣᠰᠠᠳᠬᠤ ᠦᠭᠡᠶ᠃

ᠳᠦᠷᠪᠠᠳᠦᠭᠡᠷ ᠠᠷᠭ᠎ᠠ᠄ ᠱᠦᠯᠦ ᠬᠤᠪᠢᠶᠠᠬᠤ ᠵᠦᠪᠯᠠᠯ ᠪᠣᠯᠤᠨ ᠭᠢᠨᠠᠬᠤ ᠵᠦᠪᠯᠠᠯ ᠰᠤᠩᠭ᠋ᠤᠨ ᠭᠠᠷᠭᠠᠵᠤ᠂ ᠭᠢᠵᠠᠭᠠᠷᠯᠠᠬᠤ ᠪᠠ ᠭᠢᠨᠠᠯᠳᠠ ᠳᠠᠯᠪᠢᠬᠤ ᠪᠣᠯᠪᠠ᠃ ᠢᠩᠭᠢᠭᠡᠳ ᠡᠷᠭᠡ ᠳᠡᠭ᠍ᠰᠢ ᠶᠢ ᠦᠨᠳᠦᠰᠦᠨ ᠳᠡᠭᠡᠨ ᠪᠦᠷᠢᠯᠳᠦᠭᠦᠯᠦᠭ᠍ᠰᠡᠨ ᠪᠣᠯᠪᠠᠴᠤ ᠭᠢᠨᠠᠬᠤ ᠵᠦᠪᠯᠠᠯ ᠨᠢ ᠥᠷᠭᠦᠯᠵᠢ ᠣᠯᠠᠨ ᠵᠣᠢ᠌ᠯ ᠤ ᠰᠠᠨᠠᠯ ᠵᠥᠪᠯᠡᠯᠭᠡ ᠭᠠᠷᠭᠠᠬᠤ ᠪᠠ ᠱᠦᠯᠦ ᠬᠤᠪᠢᠶᠠᠬᠤ ᠵᠦᠪᠯᠠᠯ ᠤᠨ ᠶᠤᠰᠤ ᠪᠠᠷᠢᠮᠳᠠᠯᠠᠬᠤ ᠬᠤᠶᠠᠷ ᠵᠦᠷᠢᠴᠠᠯ ᠡᠭᠦᠰᠴᠤ ᠮᠠᠷᠭᠤᠭᠠᠨ ᠶᠢᠡᠨ ᠰᠡᠢ᠌ᠳᠪᠦᠷᠢᠯᠡᠭᠡᠳ ᠱᠦᠯᠦ ᠬᠤᠪᠢᠶᠠᠬᠤ ᠪᠣᠯᠬᠤ ᠳᠤ ᠨᠢᠭᠡᠨᠲᠡ ᠭᠦᠷᠦᠴᠢᠭᠡᠳᠡᠭ᠌ ᠪᠠᠢ᠌ᠪᠠ᠃

ᠳᠠᠪᠣᠳᠤᠭᠠᠷ ᠠᠷᠭ᠎ᠠ᠄ ᠡᠭᠡᠯᠵᠢᠯᠡᠨ ᠱᠦᠯᠦ ᠬᠤᠪᠢᠶᠠᠨ᠎ᠠ᠂ ᠭᠡᠪᠠᠴᠤ ᠱᠦᠯᠦ ᠬᠤᠪᠢᠶᠠᠭᠴᠢ ᠬᠠᠮᠤᠭ ᠰᠡᠭᠦᠯ ᠳ᠋ᠤᠨᠢ ᠭᠢᠵᠤ ᠠᠪᠬᠤ ᠭᠡᠷᠡᠭ᠍ᠳᠡᠢ᠃ ᠢᠩᠭᠢᠭ᠍ᠰᠡᠨ ᠴᠢᠨᠢ ᠱᠦᠯᠦ ᠬᠤᠪᠢᠶᠠᠭᠴᠢ ᠪᠠᠭ᠎ᠠ ᠯᠠ ᠭᠢᠴᠢᠶᠠᠮᠵᠢ ᠠᠯᠳᠠᠪᠠᠯ ᠬᠠᠮᠤᠭ ᠪᠠᠭ᠎ᠠ ᠱᠦᠯᠦ ᠲᠡᠶ ᠠᠶᠠᠭ᠎ᠠ ᠣᠯᠳᠠᠭ ᠪᠣᠯᠬᠤᠷ ᠰᠠᠨᠠᠭᠠᠨ ᠡᠴᠡ ᠭᠠᠳᠠᠭᠤᠷ ᠭᠡᠮᠵᠢᠭᠦᠷ ᠭᠡᠷᠡᠭᠯᠡᠭ᠍ᠰᠡᠨ ᠰᠢᠭ᠌ ᠳᠡᠭ᠍ᠰᠢ ᠬᠤᠪᠢᠶᠠᠭᠳᠠᠳᠠᠭ ᠪᠣᠯᠤᠯ᠎ᠠ᠃

ᠳᠦᠷᠢᠮ ᠳᠤᠭᠳᠠᠭᠠᠯ ᠣᠠᠴᠤᠭᠤᠢ ᠴᠢᠬᠤᠯᠠ᠃ ᠳᠡᠭᠦᠨ ᠢ ᠭᠦᠮᠤᠨ ᠳᠤᠭᠳᠠᠭᠠᠳᠠᠭ᠂ ᠳᠠᠷᠠ ᠪᠣᠯ ᠠᠷᠠᠯᠵᠢᠶᠠᠨ ᠤ ᠦᠷ᠎ᠡ ᠪᠦᠳᠦᠭᠡᠯ᠃ ᠰᠠᠢ᠌ᠨ ᠳᠦᠷᠢᠮ ᠨᠢ ᠠᠶᠠᠠᠳᠠᠭᠠᠨ ᠪᠦᠷᠢᠯᠳᠦᠭ᠍ᠰᠡᠨ ᠪᠦᠭᠡᠳ ᠳᠦᠭᠦᠮ ᠳᠤᠭᠢᠯᠢᠭ᠃ ᠭᠦᠮᠤᠨ ᠢ ᠰᠤᠴᠢᠭᠠᠮ᠎ᠠ ᠳᠤᠪ ᠳᠤᠳᠤᠷᠬᠠᠢ ᠦᠨᠳᠦᠷ ᠦᠷ᠎ᠡ ᠠᠰᠢᠭ ᠲᠡᠶ ᠪᠠᠢ᠌ᠳᠠᠭ᠃

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 15493
ᠴᠠᠭ᠄ 2009 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ