ᠨᠡᠪᠲᠡᠷᠡᠨ ᠤᠷᠤᠬᠤ
ᠴᠢᠩᠭᠢᠰ ᠬᠠᠭᠠᠨ ᠤ ᠠᠯᠳᠠᠨ ᠭᠠᠳᠠᠰᠤ

ᠠᠯᠳᠠᠨ ᠣᠪᠣᠭᠳᠠᠨ ᠤ ᠣᠭᠰᠠᠭ᠎ᠠ ᠳᠠᠢ

ᠠᠯᠳᠠᠨ ᠭᠠᠳᠠᠰᠤ ᠣᠳᠤᠨ ᠤ ᠰᠢᠳᠦᠭᠡᠨ ᠳᠠᠢ

ᠠᠯᠳᠠᠨ ᠵᠠᠷᠯᠢᠭ ᠤᠨ ᠵᠢᠷᠤᠮᠯᠠᠯ ᠳᠠᠢ

ᠠᠯᠳᠠᠨ ᠭᠠᠳᠠᠰᠤ ᠶᠢᠨ ᠠᠯᠪᠠ ᠳᠠᠢ

ᠪᠦᠷᠳᠡ ᠴᠢᠨ᠋ᠸ᠎ᠠ ᠶᠢᠨ ᠪᠣᠷᠮ᠎ᠠ ᠴᠤᠭ ᠢ ᠬᠠᠮᠠᠭᠠᠯᠠᠭᠰᠠᠨ

ᠪᠣᠭᠳᠠ ᠴᠢᠩᠭᠢᠰ ᠤᠨ ᠭᠡᠢ ᠮᠤᠷᠢ ᠶᠢ ᠮᠠᠠᠳᠤᠭᠤᠯᠤᠭᠰᠠᠨ

ᠪᠦᠭᠦᠳᠡ ᠮᠤᠩᠭ᠋ᠤᠯ ᠤᠨ ᠮᠥᠩᠭᠡ ᠭᠠᠯ ᠢ ᠵᠠᠯᠭᠠᠭᠰᠠᠨ

ᠪᠣᠷᠬᠠᠨ ᠰᠡᠳᠭᠢᠯ ᠲᠡᠶ ᠮᠤᠩᠭ᠋ᠤᠯ ᠤᠨ ᠣᠭ ᠢ ᠪᠠᠳᠠᠷᠠᠭᠤᠯᠤᠭᠰᠠᠨ

ᠡᠵᠡᠨ ᠴᠢᠩᠭᠢᠰ ᠤᠨ ᠥᠡᠳᠡᠭᠡᠨ ᠴᠠᠭᠠᠨ ᠢ

ᠡᠭᠦᠷᠢᠳᠡ ᠪᠠᠷᠢᠨ ᠵᠤᠭᠰᠤᠳᠠᠭ ᠠᠯᠳᠠᠨ ᠭᠠᠳᠠᠰᠤᠴᠢᠨ

ᠡᠵᠡᠨ ᠰᠠᠩ ᠤᠨ ᠭᠦᠨ ᠣᠬᠠᠭᠠᠨ ᠢ

ᠡᠷᠭᠢᠮᠯᠡᠨ ᠶᠠᠪᠣᠳᠠᠭ ᠠᠯᠳᠠᠨ ᠭᠠᠳᠠᠰᠤᠴᠢᠨ

ᠣᠳᠤ ᠮᠠᠴᠢᠳ ᠤᠨ ᠳᠤᠳᠤᠷ᠎ᠠ ᠠᠯᠳᠠᠨ ᠭᠠᠳᠠᠰᠤ ᠣᠳᠤ ᠭᠠᠢ᠌ᠬᠠᠯᠳᠠᠢ

ᠣᠪᠣᠭ ᠣᠭᠰᠠᠭᠠᠳᠠᠨ ᠤ ᠳᠤᠳᠤᠷ᠎ᠠ ᠠᠯᠳᠠᠨ ᠭᠠᠳᠠᠰᠤ ᠣᠪᠣᠭᠳᠠᠨ ᠭᠠᠢ᠌ᠬᠠᠮᠰᠢᠭᠳᠠᠢ

ᠣᠯᠠᠨ ᠮᠤᠷᠢ ᠶᠢᠨ ᠳᠤᠳᠤᠷ᠎ᠠ ᠬᠤᠪᠢᠯᠭᠠᠨ ᠥᠡᠳᠡᠭᠡᠨ ᠴᠠᠭᠠᠨ ᠰᠢᠳᠦᠭᠡᠨᠳᠡᠢ

ᠣᠷᠳᠤᠨ ᠳᠠᠭᠢᠯᠭ᠎ᠠ ᠶᠢᠨ ᠳᠤᠳᠤᠷ᠎ᠠ ᠴᠢᠩᠭᠢᠰ ᠡᠵᠡᠨ ᠤ ᠣᠷᠳᠤᠨ ᠠᠯᠳᠠᠷᠳᠠᠢ

ᠠᠪᠣᠷᠠᠭᠴᠢ ᠴᠢᠩᠭᠢᠰ ᠤᠨ ᠵᠠᠭᠢᠭᠰᠠᠨ

ᠠᠯᠳᠠᠨ ᠵᠠᠷᠯᠢᠭ ᠢ ᠵᠢᠷᠤᠮᠯᠠᠨ

ᠠᠯᠳᠠᠨ ᠭᠠᠳᠠᠰᠤ ᠣᠪᠣᠭᠳᠠᠨ ᠪᠦᠭᠦᠨ

ᠠᠮᠢ ᠴᠦᠯᠠᠨ ᠵᠢᠳᠭᠦᠨᠡᠮ

ᠦᠨᠳᠦᠰᠦᠳᠠᠨ ᠣᠭᠰᠠᠭᠠᠳᠠᠨ ᠳᠤ ᠪᠠᠨ ᠵᠢᠳᠭᠦᠯ ᠲᠡᠶ ᠠᠯᠳᠠᠨ ᠭᠠᠳᠠᠰᠤ ᠵᠢ

ᠦᠶ᠎ᠡ ᠣᠯᠠᠷᠢᠬᠤ ᠶᠤᠰᠤᠳᠠᠢ ᠬᠤᠪᠢᠯᠭᠠᠨ ᠥᠡᠳᠡᠭᠡᠨ ᠴᠠᠭᠠᠨ ᠢ

ᠥᠪᠠᠳᠡᠭ᠍ᠰᠢ ᠶᠡᠭᠡ ᠡᠵᠡᠨ ᠬᠠᠭᠠᠨ ᠤ ᠳᠠᠭᠢᠯᠭ᠎ᠠ ᠵᠢ

ᠦᠨᠢ ᠮᠥᠩᠭᠡ ᠣᠷᠤᠰᠢᠬᠤ ᠦᠪ ᠰᠤᠶᠤᠯ ᠪᠣᠯᠭᠠᠨᠠᠮ


ᠵᠤᠬᠢᠶᠠᠭᠴᠢ ᠶᠢᠨ ᠬᠠ‍‌ᠶᠢᠭ ᠄ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠵᠢᠩᠬᠤᠸᠠᠷ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 11062
ᠴᠠᠭ᠄ 2013 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ