☆ ᠦᠨᠡᠨᠪᠠᠶᠠᠷ
ᠡᠬᠡ ᠰᠤᠷᠭᠠᠭᠤᠯᠢ
ᠥᠪᠥᠷ ᠮᠣᠩᠭᠣᠯ ᠤᠨ ᠦᠡᠳᠦᠰᠦᠲᠡᠨ ᠤ ᠶᠡᠬᠡ ᠰᠤᠷᠭᠠᠭᠤᠯᠢ
ᠠᠶᠠᠨ ᠤ ᠳᠦᠷᠦᠭᠡ ᠶᠢ ᠴᠢᠩᠭᠠᠯᠠᠵᠦ
ᠠᠽᠢᠶ᠎ᠠ ᠶᠢᠨ ᠴᠡᠭᠡᠵᠢᠨ ᠳ᠋ᠦ ᠰᠠᠭᠤᠷᠢᠰᠢᠭᠰᠠᠨ
ᠠᠮᠠᠭᠠᠢ ᠵᠢᠯᠣᠭᠣ ᠭᠠᠷᠳᠠᠭᠣᠯᠵᠦ
ᠠᠯᠦᠰ ᠤᠨ ᠬᠦᠰᠡᠯᠡᠩ ᠢ ᠡᠬᠢᠯᠡᠭᠦᠯᠦᠭᠰᠡᠨ᠃
ᠠᠪᠢᠶᠠᠰ ᠴᠢᠳᠠᠪᠤᠷᠢ ᠬᠣᠣᠰᠯᠠᠭᠤᠯᠬᠤ ᠭᠡᠵᠦ
ᠠᠤᠭ᠎ᠠ ᠬᠦᠴᠦᠨ ᠢᠶᠡᠨ ᠰᠢᠪᠬᠠᠭᠰᠠᠨ
ᠡᠨᠡᠷᠢᠯᠲᠦ ᠡᠵᠢ ᠠᠳᠠᠯᠢ ᠪᠦᠪᠡᠢᠯᠡᠬᠦ ᠭᠡᠵᠦ
ᠣᠶᠣᠨ ᠤ ᠤᠭᠤᠷᠠᠭ ᠢᠶᠡᠷ ᠲᠡᠵᠢᠭᠡᠭᠰᠡᠨ ᠃
ᠬᠥᠪᠴᠢ ᠳᠡᠯᠡᠬᠡᠢ ᠶᠢ ᠴᠠᠭᠠᠨ ᠢᠶᠡᠷ ᠬᠣᠴᠢᠠᠠᠰᠠᠨ
ᠬᠥᠬᠡ ᠲᠡᠭᠷᠢ ᠶᠢᠨ ᠡᠯᠴᠢ ᠪᠢᠯᠡ
ᠬᠦᠦ ᠶᠢᠨ ᠬᠦᠰᠡᠯ ᠢ ᠰᠡᠳᠬᠢᠯ ᠳ᠋ᠦ ᠨᠢ ᠡᠪᠦᠷᠯᠡᠭᠦᠯᠦᠭᠰᠡᠨ
ᠦᠡᠳᠦᠰᠦᠲᠡᠨ ᠤ ᠶᠡᠬᠡ ᠰᠤᠷᠭᠠᠭᠤᠯᠢ᠃
ᠲᠠᠯ᠎ᠠ ᠶᠢᠨ ᠳᠤᠮᠳᠠᠬᠢ ᠭᠡᠷᠡᠯᠲᠦ ᠰᠤᠪᠤᠳ
ᠲᠠᠩᠰᠤᠭ ᠪᠠᠢᠭᠠᠯᠢ ᠢᠶᠡᠨ ᠴᠢᠨᠳᠠᠮᠤᠨᠢ ᠡᠷᠳᠡᠨᠢ
ᠥᠪᠥᠷ ᠮᠣᠩᠭᠣᠯ ᠤᠨ ᠦᠵᠡᠰᠬᠦᠯᠡᠩ
ᠦᠨᠳᠦᠰᠦᠲᠡᠨ ᠤ ᠶᠡᠬᠡ ᠰᠤᠷᠭᠠᠭᠤᠯᠢ ᠮᠢᠨᠢ᠃
ᠵᠤᠬᠢᠶᠠᠭᠴᠢ᠄ ᠦᠨᠡᠨᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 36145
ᠴᠠᠭ᠄ 2019 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ