ᠨᠡᠪᠲᠡᠷᠡᠨ ᠤᠷᠤᠬᠤ
ᠡᠷᠭᠢᠨ ᠳᠤᠤᠷᠠᠭᠢ ᠰᠡᠭᠦᠳᠡᠷ

ᠡᠷᠭᠢᠨ ᠳᠤᠤᠷᠠᠭᠢ ᠡᠨᠡ ᠰᠡᠭᠦᠳᠡᠷ ᠢ

ᠡᠪᠦᠯ ᠪᠢᠳᠠ ᠬᠤᠶᠠᠷ ᠮᠦᠰᠤ ᠳᠠᠰᠢᠬᠤ ᠳᠠᠭᠠᠨ ᠰᠡᠭᠦᠳᠡᠷᠯᠡᠭᠦᠯᠦᠭ᠍ᠰᠡᠨ ᠶᠤᠮ

ᠮᠦᠷᠤ ᠮᠦᠷᠤ ᠪᠠᠨ ᠨᠠᠯᠠᠵᠤ ᠵᠤᠭᠰᠤᠭᠰᠠᠨ ᠡᠢ᠌ᠮᠤ ᠨᠢᠭᠡᠨ ᠬᠤᠤᠰ ᠢ

ᠮᠦᠨ ᠴᠤ ᠣᠯᠠᠨ ᠭᠦᠮᠦᠰ ᠪᠠᠬᠠᠷᠤᠨ ᠰᠢᠷᠳᠠᠵᠤ ᠪᠠᠢ᠌ᠭᠰᠠᠨ ᠶᠤᠮ

ᠰᠡᠭᠦᠯ ᠳᠡᠭᠡᠨ ᠪᠢᠳᠠ ᠬᠤᠶᠠᠷ ᠢ ᠯᠠᠪᠳᠠᠢ ᠪᠦᠳᠦᠨ᠎ᠡ ᠭᠡᠵᠤ

ᠰᠡᠭᠦᠳᠡᠷ ᠳᠠᠳᠠᠳᠠᠭ ᠳᠠᠷᠠ ᠭᠦᠮᠤᠨ ᠴᠤ ᠪᠣᠳᠤᠭᠰᠠᠨ ᠪᠠᠢ᠌ᠬ᠎ᠠ

ᠰᠡᠭᠦᠯᠴᠢ ᠶᠢᠨ ᠣᠳᠠᠭ᠎ᠠ ᠨᠠᠮᠢ᠋ᠢ ᠭᠠᠭᠴᠠᠭᠠᠷ ᠶᠢᠡᠨ ᠭᠦᠷᠭᠦ ᠳ᠋ᠤ

ᠰᠤᠨᠢᠷᠬᠠᠭᠰᠠᠨ ᠬᠠᠷᠠᠴᠠ ᠪᠠᠷ ᠳᠤᠭᠤᠢ ᠰᠢᠷᠳᠠᠵᠤ ᠬᠤᠴᠤᠷᠤᠭᠰᠠᠨ ᠶᠤᠮ

ᠡᠪᠦᠯ ᠰᠢᠭ᠌ ᠡᠨᠡ ᠰᠡᠭᠦᠳᠡᠷ ᠴᠤ ᠥᠩᠭᠡᠷᠡᠵᠤ ᠣᠤᠠᠴᠠᠢ

ᠡᠷᠭᠢᠵᠤ ᠠᠭᠤᠯᠵᠠᠬᠤ ᠡᠴᠡ ᠪᠠᠨ ᠪᠢᠳᠠ ᠬᠤᠶᠠᠷ ᠪᠠᠰᠠ ᠡᠷᠡᠭᠡᠯᠵᠡᠳᠡᠭ᠌ ᠪᠣᠯᠵᠠᠢ

ᠡᠡᠭ᠌ ᠦᠭᠡᠶ ᠳᠤᠷᠠᠯᠠᠯ᠂ ᠡᠯᠡᠭ᠍ᠳᠡᠭᠦ ᠮᠦᠴᠡ ᠶᠢᠨ ᠡᠯᠢᠭᠡᠨ ᠡᠴᠡ

ᠡᠷᠭᠢᠴᠡᠭᠦᠯᠵᠤ ᠬᠠᠷᠠᠪᠠᠯ᠂ ᠡᠷᠭᠢ ᠨᠠᠯᠠᠭᠰᠠᠨ ᠬᠤᠤᠰ ᠵᠢᠷᠦᠭᠡ ᠯᠠ

᠊ᠭ᠍ᠱᠡᠨ ᠤ ᠡᠷᠭᠡ ᠪᠠᠷ ᠦᠯᠠᠳᠠᠵᠠᠢ ᠁

ᠵᠤᠬᠢᠶᠠᠭᠴᠢ᠄ ᠳ·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ