ᠨᠡᠪᠲᠡᠷᠡᠨ ᠤᠷᠤᠬᠤ
ᠰᠦᠯᠳᠡ ᠣᠪᠣᠭ᠎ᠠ

ᠵᠧ ︕ ᠣᠮ ᠰᠠᠢ᠌ᠬᠠᠨ ᠠᠮᠤᠭᠤᠯᠠᠩ ᠪᠣᠯᠳᠤᠭᠠᠢ ︕

ᠣᠴᠠᠷᠠᠭᠰᠠᠨ ᠪᠦᠭᠦᠨ ᠵᠢᠷᠭᠠᠯᠠᠩ ᠪᠣᠯᠳᠤᠭᠠᠢ ︕

ᠴᠢᠩᠭᠢᠰ ᠣᠳᠤᠮ ᠤᠨ ᠵᠠᠩᠰᠢᠯ ᠶᠢᠡᠷ

ᠴᠠᠭ ᠤᠨ ᠭᠦᠷᠳᠤ ᠶᠢᠨ ᠳᠤᠭᠠᠯᠠᠯ ᠶᠢᠡᠷ

ᠪᠣᠷᠬᠠᠨ ᠳᠡᠭ᠍ᠷᠢ ᠶᠢᠨ ᠠᠪᠣᠷᠠᠯ ᠶᠢᠡᠷ

ᠪᠣᠭᠤᠷᠤᠯ ᠳᠡᠭᠡᠳᠦᠰ ᠤᠨ ᠢᠪᠠᠭᠡᠯ ᠶᠢᠡᠷ

ᠨᠠᠷᠠᠨ ᠤ ᠵᠢᠮ᠎ᠠ ᠶᠢᠨ ᠡᠷᠭᠢᠯᠳᠡ ᠪᠠᠷ

ᠨᠠᠪᠴᠢ ᠴᠡᠴᠡᠭ᠌ ᠤᠨ ᠮᠦᠰᠢᠶᠠᠯᠳᠠ ᠪᠠᠷ

ᠪᠢᠯᠢᠭ᠌ ᠤᠨ ᠣᠯᠠᠷᠢᠯ ᠤᠨ 5 ᠰᠠᠷᠠᠢ᠌ᠨ ᠰᠢᠨ᠎ᠠ ᠶᠢᠨ 5 ᠊ᠤ

ᠪᠢᠳᠡᠷᠢᠶᠠᠨ ᠰᠡᠭᠦᠢᠨ ᠰᠥᠮᠪᠦᠷᠢᠯᠡᠭ᠍ᠰᠡᠨ

ᠪᠠᠭᠠᠳᠠᠯ᠎ᠠ ᠶᠢᠨ ᠡᠮᠦᠨ᠎ᠡ ᠦᠷᠤᠴᠠᠨ ᠳᠤ

ᠣᠯᠠᠭᠠᠨ ᠥᠭᠡᠷ ᠤᠨ ᠣᠤᠭᠠᠯ ᠨᠤᠳᠤᠭ ᠲᠤ

ᠪᠠᠯᠴᠢᠭᠡᠷ ᠤᠨ ᠰᠤᠷᠭᠤᠭ ᠦᠯᠦᠭᠡᠢ ᠳᠤ

ᠬᠤᠷᠴᠢᠨ ᠥᠭᠡᠷ ᠤᠨ ᠡᠭᠦᠰᠦᠭ᠍ᠰᠡᠨ ᠭᠠᠵᠠᠷ ᠲᠤ

ᠬᠤᠷ᠎ᠠ ᠶᠢᠨ ᠰᠢᠮ᠎ᠠ ᠶᠢ ᠭᠦᠰᠡᠮᠵᠢᠯᠡᠵᠤ

ᠠᠷᠭ᠎ᠠ ᠪᠢᠯᠢᠭ᠌ ᠤᠨ ᠰᠢᠠᠵᠢ ᠪᠦᠷᠢᠯᠳᠦᠭ᠍ᠰᠡᠨ

ᠣᠳᠤᠨ ᠭᠠᠷᠠᠭ ᠣᠴᠠᠷᠠᠨ ᠨᠠᠢ᠌ᠯᠠᠨ ᠲᠤᠬᠢᠶᠠᠯᠳᠤᠭᠰᠠᠨ

ᠬᠤᠷᠴᠢᠨ ᠮᠤᠩᠭ᠋ᠤᠯ ᠤᠨ ᠢᠷᠦᠭᠡᠯ ᠶᠢᠡᠷ ᠦᠯᠦᠭᠡᠢ᠌ᠳᠡᠭ᠍ᠰᠡᠨ

ᠠᠯᠳᠠᠷ ᠲᠡᠶ ᠳᠦᠭᠡᠮᠡᠯ ᠡᠨᠡ ᠰᠠᠢ᠌ᠬᠠᠨ ᠡᠳᠦᠷ ᠲᠤ

ᠶᠡᠭᠡᠳᠡᠯ᠎ᠡ ᠪᠠᠭᠠᠳᠠᠯ᠎ᠠ ᠶᠢᠨ ᠳᠤᠮᠳᠠ

ᠠᠷᠢᠭᠤᠨ ᠴᠡᠴᠡᠭ᠌ ᠤᠨ ᠣᠷᠭᠤᠴᠠ ᠲᠡᠶ

ᠷᠠᠰᠢᠶᠠᠨ ᠳᠤᠩᠭ᠋ᠠᠯᠠᠭ ᠣᠠᠳᠤᠷᠤᠯ ᠲᠡᠶ

ᠳᠤᠯᠤᠭᠠᠨ ᠶᠡᠭᠡ ᠰᠦᠯᠳᠡ ᠲᠡᠶ

ᠠᠭᠠᠷᠤ ᠽᠠᠠᠳᠠᠨ ᠴᠤᠭᠴᠠ ᠲᠡᠶ

ᠠᠯᠳᠠᠨ ᠭᠠᠠᠵᠤᠤᠷ ᠳᠡᠷᠢᠭᠦᠨ ᠲᠡᠶ

ᠬᠠᠳᠠᠨ ᠴᠢᠯᠠᠭᠤᠨ ᠪᠠᠭᠢᠯᠢᠭ᠌ ᠰᠠᠭᠤᠷᠢ ᠲᠡᠶ

ᠬᠠᠳᠠᠭ ᠶᠠᠠᠳᠠᠷ ᠭᠡᠢ ᠮᠤᠷᠢ ᠲᠡᠶ

《ᠰᠦᠯᠳᠡ》 ᠨᠠᠷ᠎ᠠ ᠲᠡᠶ ᠣᠪᠣᠭᠠᠨ ᠳᠠᠭᠠᠨ

ᠠᠷᠢᠭᠤᠳᠬᠠᠨ ᠰᠡᠷᠭᠦᠭᠡᠨ ᠳᠠᠭᠢᠬᠤᠢ ᠳᠤᠷ

ᠤᠢ᠌ᠷ᠎ᠡ ᠬᠤᠯᠠ ᠶᠢᠨ ᠠᠷᠠᠤᠨ ᠪᠦᠭᠦᠨ ᠶᠢᠡᠷ

ᠠᠷᠪᠠᠨ ᠵᠥᠭ᠌ ᠡᠴᠡ ᠬᠤᠷᠠᠨ ᠢᠷᠡᠭᠡᠳ

ᠪᠢᠯᠢᠭ᠌ ᠤᠨ ᠰᠠᠢ᠌ᠬᠠᠨ ᠢᠷᠦᠭᠡᠯ ᠶᠢᠡᠨ

ᠬᠤᠷᠸ᠎ᠠ ᠳᠡᠭ᠍ᠷᠢ ᠳᠡᠭᠡᠨ ᠳᠡᠪᠰᠢᠭᠦᠯᠵᠤ

ᠭᠠᠩ ᠴᠠᠭᠢᠯᠭᠠᠨ ᠭᠦᠶ‍ᠦᠳᠡᠯ ᠭᠡᠵᠤ

ᠳᠠᠩ ᠭᠦᠰᠡᠯ ᠶᠢᠡᠨ ᠳᠠᠭᠠᠳᠬᠠᠵᠤ

ᠬᠠᠳᠠᠭ ᠶᠠᠠᠳᠠᠷ ᠶᠢᠡᠨ ᠳᠡᠭᠡᠷ᠎ᠡ ᠡᠷᠭᠦᠨ

ᠭᠡᠢ᠌ᠮᠦᠷᠢ ᠴᠠᠭᠠᠰᠤ ᠪᠠᠨ ᠭᠡᠢ᠌ᠰᠭᠡᠵᠤ

ᠬᠤᠨᠢᠨ ᠤ ᠰᠢᠭᠦᠰᠤ ᠪᠠᠨ ᠡᠷᠭᠦᠵᠤ

ᠬᠤᠳᠠᠯᠠ ᠲᠦᠮᠡᠨ ᠶᠢᠡᠷ ᠶᠢᠡᠨ ᠪᠠᠶᠠᠰᠤᠯᠴᠠᠭᠰᠠᠨ

ᠣᠠᠴᠠ ᠶᠢᠨ ᠪᠠᠶᠠᠯᠢᠭ ᠠᠭᠤᠯᠭ᠎ᠠ ᠲᠡᠶ

ᠣᠪᠣᠭ᠎ᠠ ᠶᠢᠨ ᠨᠠᠢ᠌ᠷ ᠭᠠᠢ᠌ᠬᠠᠯᠳᠠᠢ

ᠣᠪᠣᠭ᠎ᠠ ᠶᠢᠨ ᠨᠠᠢ᠌ᠷ ᠮᠠᠭᠳᠠᠭᠠᠯ ᠲᠡᠶ ︕

ᠵᠧ ︕ ᠰᠦᠯᠳᠡ ᠣᠪᠣᠭ᠎ᠠ ᠮᠢᠨᠢ

ᠰᠥᠵᠢᠭ᠍ᠳᠤ ᠣᠪᠣᠭ᠎ᠠ

ᠰᠦᠷ ᠲᠡᠶ ᠴᠤ ᠣᠪᠣᠭ᠎ᠠ

ᠰᠦᠮ᠎ᠡ ᠶᠢᠨ ᠣᠪᠣᠭ᠎ᠠ

ᠰᠦᠷᠦᠭ᠌ ᠤᠨ ᠣᠪᠣᠭ᠎ᠠ

ᠬᠤᠳᠠᠯᠠ ᠶᠢᠨ ᠣᠪᠣᠭ᠎ᠠ

ᠬᠤᠰᠢᠭᠤᠨ ᠤ ᠣᠪᠣᠭ᠎ᠠ

ᠬᠠᠮᠳᠤ ᠶᠢᠨ ᠣᠪᠣᠭ᠎ᠠ

ᠬᠠᠢ᠌ᠷ᠎ᠠ ᠶᠢᠨ ᠠᠪᠣᠭ᠎ᠠ

ᠠᠢ᠌ᠯ ᠤᠨ ᠣᠪᠣᠭ᠎ᠠ

ᠠᠳᠤᠭᠤᠨ ᠤ ᠣᠪᠣᠭ᠎ᠠ

ᠬᠡᠦᠬᠡᠳ ᠤᠨ ᠣᠪᠣᠭ᠎ᠠ

ᠬᠠᠳᠠᠨ ᠤ ᠣᠪᠣᠭ᠎ᠠ

ᠨᠠᠢ᠌ᠷ ᠤᠨ ᠣᠪᠣᠭ᠎ᠠ

ᠨᠠᠢ᠌ᠵᠢ ᠶᠢᠨ ᠣᠪᠣᠭ᠎ᠠ

ᠨᠠᠢ᠌ᠳᠠ ᠶᠢᠨ ᠣᠪᠣᠭ᠎ᠠ

ᠨᠠᠠᠳᠢᠨ ᠣᠪᠣᠭ᠎ᠠ

ᠵᠢᠷᠦᠭᠡᠨ ᠤ ᠣᠪᠣᠭ᠎ᠠ

ᠵᠢᠳᠭᠦᠯ ᠤᠨ ᠣᠪᠣᠭ᠎ᠠ

ᠪᠦᠭᠡ ᠶᠢᠨ ᠣᠪᠣᠭ᠎ᠠ

ᠪᠠᠶᠠᠷ ᠤᠨ ᠣᠪᠣᠭ᠎ᠠ

ᠣᠤᠭᠤᠭᠰᠠᠨ ᠣᠰᠤ ᠷᠠᠰᠢᠶᠠᠨ

ᠣᠨᠠᠭᠰᠠᠨ ᠰᠢᠷᠤᠢ ᠠᠯᠳᠠ

ᠡᠮᠦᠨ᠎ᠡ ᠪᠠᠭᠠᠳᠠᠯ᠎ᠠ ᠶᠢᠨ ᠨᠤᠳᠤᠭ ᠲᠤ ᠮᠢᠨᠢ

ᠰᠦᠯᠳᠡ ᠣᠪᠣᠭ᠎ᠠ ᠰᠥᠡᠳᠡᠷᠯᠡᠭᠡᠴᠢ ︕

ᠣᠪᠣᠭᠠᠨ ᠳᠠᠭᠢᠯᠭ᠎ᠠ ᠮᠥᠩᠭᠡᠳᠡ

ᠣᠯᠠᠨ ᠤ ᠰᠢᠳᠦᠯᠭᠡ ᠦᠨᠢᠳᠠ

ᠣᠭᠰᠠᠭᠠᠨ ᠤ ᠨᠤᠳᠤᠭ ᠲᠤ ᠮᠢᠨᠢ

ᠰᠦᠯᠳᠡ ᠣᠪᠣᠭ᠎ᠠ ᠭᠡᠵᠢᠶᠡᠳᠡ ᠢᠪᠠᠭᠡᠭᠡᠴᠢ ︕

ᠠᠠᠳᠠᠢ ᠶᠢᠨ ᠭᠡᠩᠭᠡᠷᠭᠡ ᠨᠢᠵᠢᠭᠢᠨᠠᠨ

ᠡᠷ᠎ᠡ ᠶᠢᠨ ᠨᠠᠭᠠᠳᠤᠮ ᠦᠷᠭᠦᠯᠵᠢᠯᠡᠨ

ᠣᠶᠠᠩᠭ᠋ᠠᠳᠤ ᠭᠦᠭ᠍ᠵᠢᠮ ᠤᠨ ᠣᠷᠤᠨ ᠮᠢᠨᠢ

ᠰᠦᠯᠳᠡ ᠣᠪᠣᠭᠠᠨ ᠳᠤ ᠪᠠᠶᠠᠰᠤᠭᠠᠴᠢ ︕

ᠨᠠᠢ᠌ᠷ ᠤᠨ ᠡᠷᠴᠢᠮ ᠴᠢᠩᠭ᠋ᠠᠷᠠᠨ

ᠨᠠᠭᠠᠳᠤᠮ ᠤᠨ ᠮᠦᠷᠥᠢᠴᠡᠭᠡᠨ ᠭᠦᠭ᠍ᠵᠢᠨ

ᠣᠯᠠᠭᠠᠨ ᠥᠭᠡᠷ ᠤᠨ ᠡᠨᠡ ᠨᠤᠳᠤᠭ ᠮᠢᠨᠢ

ᠰᠦᠯᠳᠡ ᠣᠪᠣᠭᠠᠨ ᠳᠤ ᠵᠢᠷᠭᠠᠭᠠᠴᠢ ︕

ᠣᠯᠠᠭᠠᠨ ᠳᠤᠭ ᠮᠢᠷᠠᠯᠵᠠᠨ

ᠣᠷᠤᠭᠰᠢᠯᠠᠬᠤ ᠵᠠᠮ ᠰᠠᠷᠠᠭᠤᠯᠵᠢᠨ

ᠣᠤᠭᠠᠨ ᠨᠤᠳᠤᠭ ᠤᠨ ᠳᠠᠷᠬᠠᠨ ᠰᠢᠷᠤᠢ ᠮᠢᠨᠢ

ᠣᠪᠣᠭᠠᠨ ᠰᠦᠯᠳᠡ ᠳᠤ ᠳᠡᠭᠡᠭ᠍ᠰᠢᠯᠡᠭᠡᠴᠢ ︕

ᠥᠭᠡᠷᠡᠴᠢᠯᠡᠯᠳᠡ ᠶᠢᠨ ᠳᠤᠭᠢᠶ᠎ᠠ ᠴᠤᠤᠷᠢᠶᠠᠳᠤᠨ

ᠥᠩᠰᠢᠭ᠌ ᠨᠤᠳᠤᠭ ᠰᠠᠢ᠌ᠵᠢᠷᠠᠨ

ᠳᠠᠷᠬᠠᠨ ᠮᠤᠩᠭ᠋ᠤᠯ ᠨᠤᠳᠤᠭ ᠮᠢᠨᠢ

ᠳᠡᠭ᠍ᠵᠢᠨ ᠣᠪᠣᠭᠠᠨ ᠳᠤ ᠮᠠᠠᠳᠤᠭᠠᠴᠢ ︕

ᠵᠢᠷᠭᠡᠯᠡᠭ᠍ᠰᠡᠨ ᠴᠢᠯᠠᠭᠤ ᠨᠢ ᠰᠥᠭᠯᠥᠢᠨ

ᠵᠤᠳ ᠰᠢᠭᠤᠷᠭ᠎ᠠ ᠳᠤ ᠰᠦᠨᠳᠠᠷᠯᠠᠨ

ᠵᠤᠯᠪᠣᠭᠠᠳᠤ ᠣᠷᠤᠨ ᠤ ᠳᠠᠷᠬᠠᠨ ᠭᠦᠢᠰᠤ ᠮᠢᠨᠢ

ᠵᠢᠷᠭᠠᠯᠳᠤ ᠣᠪᠣᠭᠠᠨ ᠳᠤ ᠳᠡᠭ᠍ᠵᠢᠷᠡᠭᠡᠴᠢ ︕

ᠰᠠᠭᠤᠷᠢ ᠪᠠᠨ ᠣᠯᠤᠭᠰᠠᠨ ᠲᠦᠰᠢᠶ᠎ᠠ

ᠰᠠᠯᠭᠢ ᠶᠢ ᠰᠦᠷᠦᠭ᠍ᠰᠡᠨ ᠰᠦᠯᠳᠡ

ᠰᠠᠷᠠ ᠨᠠᠷᠠᠨ ᠤ ᠡᠭᠡᠯᠵᠢᠯᠡᠭᠡᠨ ᠳᠤ ᠮᠢᠨᠢ

ᠰᠡᠵᠢᠭ᠍ᠳᠤ ᠣᠪᠣᠭ᠎ᠠ ᠰᠥᠮᠪᠦᠷᠯᠡᠭᠡᠴᠢ ︕

ᠣᠪᠣᠭᠠᠨ ᠤ ᠦᠨᠳᠦᠷ ᠰᠦᠷᠯᠢᠭ᠌ ᠪᠠᠢ᠌ᠨ᠎ᠠ

ᠣᠪᠣᠭᠠᠨ ᠤ ᠰᠦᠷᠯᠢᠭ᠌ ᠭᠡᠴᠡᠭᠦᠤ ᠪᠠᠢ᠌ᠨ᠎ᠠ

ᠣᠪᠣᠭᠠᠨ ᠤ ᠰᠦᠯᠳᠡ ᠮᠢᠷᠠᠯᠵᠠᠨ ᠪᠠᠢ᠌ᠨ᠎ᠠ

ᠣᠪᠣᠭᠠᠨ ᠤ ᠭᠡᠰᠢᠭ᠌ ᠣᠯᠠᠨ ᠤ ᠪᠠᠢ᠌ᠨ᠎ᠠ

ᠣᠪᠣᠭᠠᠨ ᠤ ᠳᠡᠷᠭᠡᠳᠡ ᠢᠷᠡᠭ᠍ᠰᠡᠨ ᠥᠳᠡᠭᠦᠰ

ᠣᠴᠢᠷ ᠦᠭᠡᠶ ᠰᠠᠢ᠌ᠨ ᠨᠠᠢ᠌ᠷᠠᠯᠳᠤᠭᠠᠴᠢ ︕

ᠣᠪᠣᠭᠠᠨ ᠳᠤ ᠳᠠᠭᠠᠳᠬᠠᠬᠤ ᠪᠠᠷ ᠢᠷᠡᠭ᠍ᠰᠡᠳ

ᠣᠯᠠᠮᠵᠢᠯᠠᠯ ᠶᠤᠰᠤ ᠪᠠᠷ ᠴᠢᠯᠠᠭᠤ ᠪᠠᠨ ᠨᠡᠮᠡᠷᠢᠯᠡᠭᠡᠴᠢ ︕

ᠵᠠ ︕ ᠰᠠᠷ᠎ᠠ ᠶᠢᠨ ᠨᠠᠢ᠌ᠷ ᠲᠤ

ᠰᠦᠯᠳᠡ ᠣᠪᠣᠭ᠎ᠠ ᠰᠦᠷᠯᠢᠭ᠌ ︕

ᠬᠣᠢ᠌ᠰᠢᠳᠠ ᠶᠢᠨ ᠣᠨ ᠳᠤ

ᠬᠠᠢ᠌ᠷᠠᠳᠤ ᠣᠪᠣᠭ᠎ᠠ ᠰᠡᠷᠮᠡᠭᠦᠨ ︕

ᠬᠠᠯᠠᠮᠵᠢᠯᠠᠯ ᠤᠨ ᠬᠠᠷᠢᠭᠤ ᠳᠤ

ᠬᠠᠢ᠌ᠷ᠎ᠠ ᠰᠡᠳᠭᠢᠯ ᠳᠡᠨᠢᠭᠦᠨ

ᠬᠠᠮᠳᠤ ᠶᠢᠨ ᠵᠢᠳᠭᠦᠯ ᠳᠤ

ᠬᠠᠢ᠌ᠷᠬᠠᠨ ᠣᠪᠣᠭ᠎ᠠ ᠰᠥᠮᠪᠦᠷᠯᠢᠭ᠌ ︕

ᠢᠷᠦᠭᠡᠯ ᠤᠨ ᠠᠶᠠᠰ ᠲᠤ

ᠰᠦᠯᠳᠡ ᠣᠪᠣᠭ᠎ᠠ ᠪᠠᠶᠠᠰᠤᠭ ︕

ᠢᠪᠠᠭᠡᠯ ᠤᠨ ᠭᠦᠴᠤᠨ ᠳᠤ

ᠰᠦᠯᠳᠡ ᠣᠪᠣᠭ᠎ᠠ ᠮᠥᠰᠢᠶᠡᠭ᠌ ︕

ᠮᠤᠩᠭ᠋ᠤᠯ ᠤᠨ ᠶᠤᠰᠤᠨ ᠳᠤ

ᠮᠠᠨᠤᠰ ᠤᠨ ᠣᠪᠣᠭ᠎ᠠ ᠵᠢᠷᠭᠠᠭ ︕

ᠮᠠᠠᠳᠤᠭᠰᠠᠨ ᠳᠦᠷᠤ ᠳᠤ

ᠮᠠᠩᠨᠤᠭ ᠣᠪᠣᠭ᠎ᠠ ᠰᠥᠡᠳᠡᠷᠯᠡᠭ᠌ ︕

ᠮᠢᠯᠢᠶᠠᠯᠳᠠ ᠶᠢᠨ ᠭᠦᠴᠤᠨ ᠳᠤ

ᠴᠠᠭᠠᠨ ᠢᠳᠡᠭᠡᠨ ᠳᠡᠯᠭᠡᠷᠡᠭ᠌ ︕

ᠮᠢᠠᠳᠠᠰᠤᠨ ᠵᠠᠩᠭᠢᠶ᠎ᠠ ᠳᠤ

ᠣᠯᠠᠭᠠᠨ ᠢᠳᠡᠭᠡᠨ ᠣᠯᠠᠰᠢᠷᠠᠭ ︕

ᠨᠠᠭᠠᠳᠤᠮ ᠤᠨ ᠵᠢᠷᠤᠮ ᠳᠤ

ᠨᠠᠢ᠌ᠷᠰᠠᠭ ᠣᠪᠣᠭ᠎ᠠ ᠪᠠᠶᠠᠷᠯᠠᠭ ︕

ᠨᠠᠢ᠌ᠳᠠ ᠶᠢᠨ ᠴᠢᠭᠤᠯᠭᠠᠨ ᠳᠤ

ᠨᠠᠢ᠌ᠷᠠᠳᠤ ᠣᠪᠣᠭ᠎ᠠ ᠠᠮᠢᠯᠠᠭ ︕

ᠰᠠᠭᠠᠯᠢ ᠶᠢᠨ ᠳᠡᠭᠡᠵᠢᠨ ᠳᠤ

ᠰᠠᠢ᠌ᠬᠠᠨ ᠣᠪᠣᠭ᠎ᠠ ᠰᠤᠭᠳᠤᠭᠤᠷᠠᠭ ︕

ᠰᠠᠷᠬᠤᠤᠨ ᠤᠨ ᠠᠮᠰᠠᠭ᠎ᠠ ᠳᠤ

ᠰᠠᠩ ᠳᠦᠭᠦᠷᠡᠩ ᠪᠣᠯᠠᠭ ︕

ᠵᠠ ︕ ᠬᠤᠷᠠᠨ ᠢᠷᠡᠭ᠍ᠰᠡᠨ ᠥᠳᠡᠯᠦᠭᠡ ᠭᠦᠡᠳᠦᠳᠤ ᠳᠡᠭᠡᠳᠦᠰ ᠡ

ᠬᠤᠳᠠᠯᠠ ᠣᠯᠠᠨ ᠨᠠᠢ᠌ᠵᠢ᠂ ᠠᠬ᠎ᠠ ᠳᠡᠭᠦᠤ ᠨᠡᠷ ᠡ ︕

ᠣᠪᠣᠭ᠎ᠠ ᠭᠡᠳᠡᠭ᠌ ᠴᠢᠨᠢ ᠵᠠᠩᠭᠢᠶ᠎ᠠ ᠶᠤᠮ ︕

ᠣᠭᠤ ᠵᠤᠵᠠᠭᠠᠨ ᠨᠢᠭᠤᠷ ᠲᠡᠶ

ᠰᠤᠶᠤᠯ ᠪᠢᠴᠢᠭ᠌ ᠶᠤᠮ ︕

ᠡᠭᠡ ᠨᠤᠳᠤᠭ ᠤᠨ ᠰᠥᠰᠦᠭ᠌ ᠶᠤᠮ ︕

ᠡᠷᠭᠡᠳᠤ ᠪᠣᠩᠬᠤᠨ ᠤ ᠰᠤᠠᠳᠤᠷ ᠶᠤᠮ ︕

ᠣᠪᠣᠭ᠎ᠠ ᠭᠡᠳᠡᠭ᠌ ᠴᠢᠨᠢ ᠳᠠᠮᠠᠭ᠎ᠠ ᠶᠤᠮ ︕

ᠣᠬᠠᠭᠠᠠᠳᠤ ᠭᠦᠮᠦᠰ ᠤᠨ ᠰᠥᠰᠦᠭ᠌ ᠶᠤᠮ ︕

ᠣᠳᠤᠮᠳᠤ ᠮᠤᠩᠭ᠋ᠤᠯ ᠤᠨ ᠵᠢᠷᠤᠮ ᠶᠤᠮ ︕

ᠣᠭᠰᠠᠭ᠎ᠠ ᠳᠦᠷᠤᠯ ᠤᠨ ᠳᠠᠭᠢᠯᠭ᠎ᠠ ᠶᠤᠮ ︕

ᠣᠪᠣᠭ᠎ᠠ ᠭᠡᠳᠡᠭ᠌ ᠴᠢᠨᠢ ᠵᠦᠩᠨᠠᠯ ᠶᠤᠮ ︕

ᠣᠯᠠᠨ ᠤ ᠳᠦᠪᠯᠡᠷᠡᠭ᠍ᠰᠡᠨ ᠪᠢᠰᠢᠷᠠᠯ ᠶᠤᠮ ︕

ᠣᠴᠢᠷ ᠲᠡᠶ ᠵᠤᠯᠭᠠᠳᠠᠭ ᠨᠠᠢ᠌ᠷ ᠶᠤᠮ ︕

ᠣᠬᠠᠭ᠎ᠠ ᠳᠡᠯᠭᠡᠷᠡᠭᠦ ᠰᠤᠳᠤᠷ ᠶᠤᠮ ︕

ᠣᠷᠤᠭᠰᠢ ᠳᠠᠯᠠᠯᠠᠬᠤ ᠴᠠᠮᠬᠠᠭ ᠶᠤᠮ ︕

ᠣᠪᠣᠭ᠎ᠠ ᠭᠡᠳᠡᠭ᠌ ᠴᠢᠨᠢ ᠣᠶᠠᠩᠭ᠋᠎ᠠ ᠶᠤᠮ ︕

ᠣᠶᠤᠨ ᠵᠢᠷᠦᠭᠡᠨ ᠤ ᠭᠡᠯᠭᠢᠶ᠎ᠡ ᠶᠤᠮ ︕

ᠣᠷᠮ᠎ᠠ ᠥᠡᠳᠥᠢᠭᠦ ᠠᠷᠭᠠᠮᠵᠢᠶ᠎ᠠ ᠶᠤᠮ ︕

ᠣᠷᠠᠨ ᠵᠤᠬᠢᠶᠠᠯ ᠤᠨ ᠣᠯᠠᠭᠠᠨ ᠮᠦᠷ ᠶᠤᠮ ︕

ᠣᠬᠠᠭᠠᠨ ᠪᠣᠳᠤᠯ ᠤᠨ ᠴᠡᠩᠭᠡᠷ ᠵᠡᠭᠦᠳᠤ ᠶᠤᠮ ︕

ᠣᠠᠳᠤᠷᠤᠮᠠᠯ ᠭᠦᠴᠤᠨ ᠤ ᠪᠠᠯᠭᠡ ᠳᠡᠮᠳᠡᠭ᠌

ᠣᠷᠤᠭᠰᠢᠯᠠᠨ ᠳᠠᠪᠰᠢᠬᠤ ᠶᠢᠨ ᠴᠤᠪᠣᠭ᠎ᠠ ᠴᠡᠭ᠌ ᠁

ᠵᠠ ︕ ᠦᠷᠯᠦᠭ᠌ ᠰᠠᠢ᠌ᠬᠠᠨ ᠨᠤᠳᠤᠭ ᠤᠨ ᠰᠦᠯᠳᠡ

ᠦᠯᠵᠠᠢ ᠪᠠᠯᠭᠡᠳᠤ ᠰᠦᠯᠳᠡ ᠣᠪᠣᠭ᠎ᠠ ᠪᠣᠯᠪᠠᠰᠤ ᠄

ᠭᠦᠡᠳᠦᠳᠭᠡᠶ᠎ᠡ ᠭᠡᠰᠡᠨ

ᠪᠠᠳᠤ ᠪᠠᠭᠢ ᠬᠠᠳᠠᠨ ᠰᠠᠭᠤᠷᠢ ᠲᠡᠶ

ᠪᠦᠯᠭᠦᠮᠳᠡᠶ᠎ᠡ ᠭᠡᠰᠡᠨ

ᠪᠦᠭᠡ ᠴᠢᠯᠠᠭᠤᠨ ᠵᠡᠷᠭᠡᠭᠡ ᠲᠡᠶ

ᠣᠯᠠᠮᠵᠢᠯᠠᠶ᠎ᠠ ᠭᠡᠰᠡᠨ ᠣᠶᠠᠨ ᠬᠠᠳᠠᠨ ᠴᠢᠨᠠᠷ ᠲᠡᠶ

ᠣᠷᠤᠭᠰᠢᠯᠠᠶ᠎ᠠ ᠭᠡᠰᠡᠨ ᠣᠷᠭᠢᠯ ᠴᠢᠮᠡᠭᠯᠡᠭ᠍ᠰᠡᠨ ᠯᠠᠪᠠᠷ ᠳᠠᠢ

ᠴᠢᠷᠮᠠᠢ᠌ᠶ᠎ᠠ ᠭᠡᠰᠡᠨ ᠮᠤᠩᠭ᠋ᠤᠯ ᠤᠨ ᠳᠠᠷᠬᠠᠨ ᠭᠦᠭᠡ ᠰᠦᠯᠳᠡ ᠳᠠᠢ

ᠴᠥᠩᠭᠦᠢᠨ ᠰᠥᠡᠳᠡᠷᠯᠡᠭ᠍ᠰᠡᠨ ᠪᠠᠭᠠᠳᠠᠯ᠎ᠠ ᠨᠤᠳᠤᠭ ᠤᠨ ᠰᠥᠭ᠌ ᠰᠦᠯᠳᠡ ᠲᠡᠶ

ᠣᠳᠤ ᠰᠠᠴᠤᠷᠠᠭᠰᠠᠨ ᠣᠬᠠᠭᠠᠨ ᠪᠢᠯᠢᠭ᠌ ᠤᠨ ᠭᠦᠨ ᠭᠦᠴᠤᠨ ᠲᠡᠶ

ᠣᠶᠠᠯᠳᠤᠨ ᠵᠤᠭᠢᠴᠠᠭᠰᠠᠨ ᠣᠩᠭ᠋ᠤᠨ ᠪᠠᠢ᠌ᠭᠠᠯᠢ ᠪᠠᠨ ᠬᠠᠮᠠᠭᠠᠯᠠᠬᠤ ᠳᠤᠭᠢᠶ᠎ᠠ ᠳᠠᠢ

ᠣᠬᠠᠭ᠎ᠠ ᠳᠡᠯᠭᠡᠷᠡᠭᠦᠯᠦᠭ᠍ᠰᠡᠨ ᠣᠨᠠᠭᠠᠨ ᠨᠤᠳᠤᠭ ᠶᠢᠡᠨ ᠨᠠᠠᠳᠢᠩᠨᠠᠬᠤ ᠵᠢᠭᠠᠪᠣᠷᠢ ᠲᠡᠶ ︕

ᠵᠠ ︕ ᠬᠤᠷᠴᠢᠨ ᠣᠪᠣᠭ᠎ᠠ ᠮᠠᠠᠳᠤᠳᠤᠭᠠᠢ ︕

ᠬᠤᠳᠠᠯᠠ ᠣᠯᠠᠨ ᠶᠢᠡᠷ ᠶᠢᠡᠨ ᠵᠢᠷᠭᠠᠳᠤᠭᠠᠢ ︕

ᠬᠤᠷᠤᠢ ︕ ᠬᠤᠷᠤᠢ ︕ ᠬᠤᠷᠤᠢ ︕

ᠠᠯᠠᠭ ᠬᠤᠷᠸ᠎ᠠ ᠶᠢᠨ ᠠᠵᠠ ᠵᠢᠷᠭᠠᠯ

ᠡᠨᠡ ᠣᠪᠣᠭᠠᠨ ᠳᠤ ᠳᠤᠭᠳᠠᠬᠤ ᠪᠣᠯᠳᠤᠭᠠᠢ ︕

ᠬᠤᠷᠤᠢ ︕ ᠬᠤᠷᠤᠢ ︕ ᠬᠤᠷᠤᠢ ︕

ᠠᠷᠠᠤᠨ ᠢᠷᠭᠡᠳ ᠤᠨ ᠭᠡᠰᠢᠭ᠌ ᠪᠣᠶᠠᠨ

ᠡᠨᠡ ᠣᠪᠣᠭᠠᠨ ᠳᠤ ᠴᠤᠭᠯᠠᠬᠤ ᠪᠣᠯᠳᠤᠭᠠᠢ ︕

ᠬᠤᠷᠤᠢ ︕ ᠬᠤᠷᠤᠢ ︕ ᠬᠤᠷᠤᠢ ︕


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11182
ᠴᠠᠭ᠄ 2014 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ