☆ ᠨᠠᠮᠵᠢᠯ ᠤᠨ ᠮᠥᠩᠭᠡᠪᠠᠶᠡᠷ
ᠪᠣᠳᠤᠯ ᠤᠨ ᠴᠦᠮᠦᠳᠤᠯ
ᠨᠤᠳᠤᠭ ᠤᠨ ᠳᠤᠬᠠᠢ ᠪᠣᠳᠤᠯ
ᠨᠤᠳᠤᠭ ᠤᠨ ᠴᠢᠯᠠᠭᠤ ᠨᠤᠳᠤᠭ ᠲᠠᠭᠠᠨ ᠭᠦᠡᠳᠤ
ᠨᠤᠳᠤᠭ ᠰᠠᠨᠠᠭᠰᠠᠨ ᠰᠡᠳᠭᠢᠯ ᠤᠨ ᠣᠢ᠌ᠤᠠᠬᠠᠷ ᠭᠦᠡᠳᠤ
ᠠᠭᠤᠯᠠ ᠠᠯᠤᠰᠯᠠᠨ ᠪᠠᠷᠠᠯᠠᠬᠤ ᠨᠢᠳᠤᠨ ᠨᠢᠯᠪᠣᠰᠤ ᠭᠦᠡᠳᠤ
ᠣᠴᠠᠷᠠᠯ ᠤᠨ ᠪᠣᠯᠵᠤᠭ᠎ᠠ ᠡᠪᠦᠷᠯᠡᠭ᠍ᠰᠡᠨ ᠪᠣᠳᠤᠯ ᠤᠨ ᠰᠢᠵᠢᠮ ᠭᠦᠡᠳᠤ
ᠨᠠᠮᠤᠷ
ᠣᠷᠢᠳᠤ ᠠᠷᠤ ᠶᠢᠨ ᠬᠤᠰᠤ
ᠣᠯᠠᠭᠠᠨ ᠳᠡᠷᠯᠢᠭ᠌ ᠱᠤᠤᠵᠤ
ᠣᠰᠤᠨ ᠤ ᠣᠯᠠᠨ ᠰᠢᠪᠠᠭᠤ
ᠦᠷ ᠰᠦᠨᠢ ᠪᠠᠷ ᠨᠡᠭᠦᠨ᠎ᠡ
ᠣᠷᠳᠤ ᠶᠢᠨ ᠳᠠᠭᠤᠤ
ᠮᠠᠯᠴᠢᠨ ᠠᠷᠠᠤᠨ ᠤᠨ ᠰᠡᠳᠭᠢᠯ ᠡᠴᠡ
ᠮᠢᠷᠠᠯᠵᠠᠨ ᠣᠷᠤᠰᠤᠭᠰᠠᠨ ᠡᠭᠡᠰᠢᠭ᠌
ᠮᠥᠩᠭᠡ ᠳᠡᠭ᠍ᠷᠢ ᠶᠢᠨ ᠳᠠᠩᠰᠠᠨ ᠳ᠋ᠤ
ᠮᠥᠩᠭᠡᠳᠡ ᠳᠡᠯᠭᠡᠷᠡᠭᠦ ᠴᠤᠮᠤᠷᠯᠢᠭ
ᠮᠤᠷᠢᠨ ᠬᠤᠭᠤᠷ ᠤᠨ ᠠᠶᠠᠯᠭᠤᠨ ᠳ᠋ᠤ
ᠳᠠᠪᠠᠷᠠᠨ ᠨᠢᠰᠦᠭ᠍ᠰᠡᠨ ᠰᠢᠪᠠᠭᠤᠬᠠᠢ
ᠮᠤᠩᠭ᠋ᠤᠯ ᠭᠦᠮᠤᠨ ᠤ ᠵᠢᠷᠦᠭᠡᠨ ᠳᠤ ᠰᠢᠩᠭᠡᠭ᠍ᠰᠡᠨ
ᠬᠠᠨ ᠳᠡᠭ᠍ᠷᠢ ᠶᠢᠨ ᠣᠶᠠᠩᠭ᠋᠎ᠠ
ᠮᠢᠨᠤ ᠣᠷᠳᠤ ᠶᠢᠨ ᠳᠠᠭᠤᠤ
ᠮᠤᠩᠭ᠋ᠤᠯ ᠤᠨ ᠣᠷᠳᠤ ᠶᠢᠨ ᠳᠠᠭᠤᠤ
ᠦᠨᠢᠷ ᠴᠡᠴᠡᠭ᠌
ᠮᠤᠩᠭ᠋ᠤᠯ ᠰᠤᠶᠤᠯ ᠳᠠᠭᠠᠨ ᠬᠠᠢ᠌ᠷᠠᠳᠠᠢ ᠪᠦᠭᠦᠨ ᠤ
ᠳᠤᠭᠤᠵᠤ ᠣᠩᠰᠢᠳᠠᠭ 《ᠳᠤᠪᠴᠢᠶᠠᠨ》
ᠮᠤᠩᠭ᠋ᠤᠯ ᠠᠮᠢᠳᠤᠷᠠᠯ ᠤᠨ ᠦᠨᠦᠷ ᠬᠠᠩᠬᠤᠯᠤᠭᠰᠠᠨ
ᠳᠤᠭᠤᠷᠢᠵᠤ ᠰᠠᠭᠤᠳᠠᠭ ᠳᠤᠯᠭ᠎ᠠ
ᠴᠠᠭᠠᠨ ᠳᠤᠯᠤᠭᠠᠢ
ᠥᠡᠳᠡᠭᠡᠨ ᠳᠤᠯᠤᠭᠠᠨ ᠭᠠᠯᠠᠭᠤ ᠠᠳᠠᠯᠢ
ᠴᠤᠪᠣᠷᠠᠵᠤ ᠰᠠᠭᠤᠭᠰᠠᠨ ᠴᠠᠭᠠᠨ ᠳᠤᠯᠤᠭᠠᠢ
ᠥᠷᠯᠦᠭ᠌ ᠮᠤᠩᠭ᠋ᠤᠯ ᠭᠡᠯᠡᠨ ᠤ ᠮᠢᠨᠢ
ᠰᠦᠨᠠᠰᠤ ᠨᠢ ᠪᠣᠯᠤᠭᠰᠠᠨ ᠴᠠᠭᠠᠨ ᠳᠤᠯᠤᠭᠠᠢ
ᠭᠠᠷᠴᠠᠭ ᠦᠭᠡᠶ 1
ᠨᠠᠮᠤᠷ ᠬᠠᠪᠣᠷ ᠡᠭᠡᠯᠵᠢᠯᠡᠵᠤ ᠣᠷᠴᠢᠬᠤ ᠨᠢ
ᠶᠢᠷᠳᠢᠠᠴᠤ ᠶᠢᠨ ᠶᠤᠰᠤ
ᠨᠠᠰᠢ ᠴᠠᠰᠢ ᠣᠰᠤ ᠰᠤᠯᠢᠬᠤ ᠨᠢ
ᠰᠢᠪᠠᠭᠤᠳ ᠤᠨ ᠶᠤᠰᠤ
ᠨᠠᠳᠠ ᠲᠡᠶ ᠬᠠᠮᠳᠤ ᠭᠠᠯ ᠳᠤ ᠮᠥᠷᠭᠦᠭ᠍ᠰᠡᠨ ᠨᠢ
ᠠᠮᠢᠳᠤᠷᠠᠯ ᠤᠨ ᠶᠤᠰᠤ
ᠨᠠᠮ᠎ᠠ ᠶᠢ ᠬᠠᠶᠠᠵᠤ ᠵᠢᠷᠦᠭᠡ ᠶᠢ ᠵᠤᠷᠭᠤᠬᠤ ᠨᠢ
ᠴᠢᠨᠤ ᠶᠤᠰᠤ
ᠭᠠᠷᠴᠠᠭ ᠦᠭᠡᠶ 2
ᠠᠵᠢᠯ ᠠᠮᠢᠳᠤᠷᠠᠯ ᠠᠷᠤ ᠠᠷᠤ ᠡᠴᠡ ᠪᠠᠨ ᠴᠤᠪᠣᠷᠠᠵᠤ
ᠠᠷᠠᠤᠨ ᠣᠯᠠᠨ ᠣᠢ᠌ᠯᠠ ᠣᠢ᠌ᠯᠠ ᠳᠤ ᠪᠠᠨ ᠶᠠᠭᠠᠷᠠᠨ᠎ᠠ
ᠠᠷᠤ ᠡᠩᠭᠡᠷ ᠤᠨ ᠣᠢ ᠣᠯᠠᠷᠢᠯ ᠶᠢᠡᠨ ᠳᠠᠭᠠᠵᠤ ᠴᠡᠴᠡᠭᠯᠡᠨ᠎ᠡ
ᠦᠷᠦᠪᠴᠢ ᠵᠥᠭᠡᠯᠡᠨ ᠬᠤᠷᠸ᠎ᠠ ᠥᠷᠯᠦᠭᠡ ᠦᠳᠡᠰᠢ ᠪᠠᠷ ᠡᠷᠭᠢᠨ᠎ᠡ
ᠬᠠᠶᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2758
ᠴᠠᠭ᠄ 2009 ᠤᠨ ᠤ 02 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ