☆ ᠷ·ᠲᠦᠮᠡᠠ᠊ᠦ᠌ᠯᠵᠠᠢ
ᠠᠳᠤᠭᠤᠨ ᠤ ᠵᠠᠬ᠎ᠠ ᠡᠴᠠ
ᠰᠦᠨᠢ ᠶᠢᠨ ᠮᠠᠨᠠᠭᠠᠨ ᠳᠠᠭᠠᠨ ᠪᠢ ᠭᠠᠷᠬᠤ ᠳᠤ
ᠰᠠᠠᠰᠠᠷ ᠤᠨ ᠮᠠᠨᠠᠭᠠᠨ ᠳᠠᠭᠠᠨ ᠴᠢ ᠴᠤ ᠭᠠᠷᠤᠯ᠎ᠠ᠃
ᠭᠦᠭ᠍ᠵᠢᠯᠳᠤ ᠴᠢᠨᠤ ᠦᠯᠦᠭᠡᠢ ᠊᠊᠊᠊᠊᠊᠊᠊᠊᠊᠊᠊᠊᠊᠊
ᠭᠦᠭᠡ ᠮᠦᠩᠭᠦᠨ ᠳᠡᠭ᠍ᠷᠢ ᠴᠤ
ᠭᠦᠷᠦᠰᠤ ᠮᠠᠩᠬᠠᠨ ᠳᠡᠯᠡᠭᠡᠢ ᠴᠤ
ᠭᠦᠮᠦᠷᠢᠭᠡᠳ ᠢᠷᠡᠭ᠍ᠰᠡᠨ ᠰᠦᠨᠢ ᠯᠠ
ᠭᠦᠳᠡᠭᠡ ᠬᠤᠶᠠᠭᠤᠯᠠ ᠶᠢ ᠵᠤᠯᠭᠠᠭᠤᠯᠬᠤ ᠳᠤ
ᠠᠳᠤᠭᠤ ᠪᠠᠨ ᠬᠠᠷᠠᠭᠰᠠᠨ ᠪᠢ
ᠠᠭᠠᠷ ᠳᠡᠭᠡᠷᠡᠭᠢ ᠴᠢᠮᠢ᠋ᠢ ᠪᠠᠨ
ᠠᠠᠳᠠ ᠪᠠᠨ ᠭᠡᠵᠤ ᠪᠣᠳᠤᠯ᠎ᠠ ᠰᠢᠤ ︕
ᠠᠩᠭ᠋ᠠᠷᠠᠭ ᠶᠢᠡᠨ ᠬᠠᠷᠠᠭᠰᠠᠨ ᠴᠤ
ᠠᠳᠠᠷ ᠳᠡᠭᠡᠷᠡᠭᠢ ᠨᠠᠮᠢ᠋ᠢ ᠪᠠᠨ
ᠠᠮᠠᠷᠠᠭ ᠶᠢᠡᠨ ᠭᠡᠵᠤ ᠰᠠᠨᠠᠯ᠎ᠠ ᠪᠢᠵᠠ ︖
ᠠᠳᠤᠭᠤᠨ ᠤ ᠵᠠᠬ᠎ᠠ ᠪᠠᠷ ᠪᠢ ᠵᠤᠭᠰᠤᠬᠤ ᠳᠤ
ᠣᠳᠤᠳ ᠤᠨ ᠵᠠᠬ᠎ᠠ ᠪᠠᠷ ᠴᠢ ᠴᠤ ᠵᠤᠭᠰᠤᠯ᠎ᠠ᠃
ᠪᠣᠭᠤᠷᠤᠯ ᠳᠡᠭ᠍ᠷᠢ ᠶᠢᠨ ᠳᠠᠩᠨᠠᠢ ᠳ᠋ᠠᠭᠢ
ᠮᠦᠩᠭᠦᠨ ᠳᠡᠷᠭᠡᠯ ᠰᠠᠷ᠎ᠠ ᠴᠢ
ᠪᠣᠯᠤᠷ ᠳᠤᠩᠭ᠋ᠠᠯᠠᠭ ᠨᠢᠳᠤᠨ ᠳᠤ ᠮᠢᠨᠢ
ᠮᠠᠨᠠᠭᠠᠴᠢᠨ ᠠᠳᠠᠯᠢ ᠬᠠᠷᠠᠭᠳᠠᠯ᠎ᠠ ᠰᠢᠤ ︕
ᠪᠣᠮᠠ ᠰᠠᠶ᠎ᠠ ᠣᠳᠤᠳ ᠴᠢᠨᠢ
ᠠᠳᠤᠭᠤ ᠮᠢᠨᠢ ᠠᠳᠠᠯᠢ ᠰᠠᠨᠠᠭᠳᠠᠯ᠎ᠠ ᠰᠢᠤ ︕
ᠪᠣᠯᠠᠭ ᠤᠨ ᠳᠤᠬᠤᠢ ᠶᠢᠨ ᠳᠠᠠᠵᠢᠨ ᠳ᠋ᠠᠭᠢ
ᠣᠳᠤᠷ ᠤᠨ ᠮᠠᠨᠠᠭᠠᠴᠢᠨ ᠪᠢ
ᠪᠣᠶᠠᠠᠳᠤ ᠳᠤᠮᠤ ᠨᠢᠳᠤᠨ ᠳᠤ ᠴᠢᠨᠢ
ᠣᠴᠢ ᠠᠳᠠᠯᠢ ᠬᠠᠷᠠᠭᠳᠠᠭ᠎ᠠ ᠪᠢᠵᠠ ⁈
ᠪᠣᠮᠠᠨ ᠰᠠᠶ᠎ᠠ ᠠᠳᠤᠭᠤᠳ ᠮᠢᠨᠢ
ᠣᠳᠤ ᠴᠢᠨᠢ ᠠᠳᠠᠯᠢ ᠰᠠᠨᠠᠭᠳᠠᠭᠠ ᠪᠢᠵᠠ ⁈
ᠰᠠᠷᠠᠭᠤᠯ ᠤᠨ ᠴᠢᠨᠢ ᠳᠤᠭᠤᠤᠷ ᠪᠢ ᠰᠠᠷᠠᠪᠴᠢᠯᠠᠬᠤ ᠳᠤ
ᠰᠠᠷᠠᠪᠴᠢᠨ ᠤ ᠮᠢᠨᠢ ᠳᠡᠭᠡᠭᠦᠷ ᠴᠢ ᠴᠤ ᠰᠠᠷᠠᠪᠴᠢᠯᠠᠯᠠ᠃
ᠠᠳᠠᠷ ᠳᠠᠯ᠎ᠠ ᠶᠢᠨ ᠭᠦᠡᠳᠡᠢ ᠳ᠋ᠠᠭᠢ
ᠠᠳᠤᠭᠤᠨ ᠤ ᠵᠠᠬ᠎ᠠ ᠡᠴᠠ ᠪᠢ
ᠠᠯᠠᠭ ᠡᠷᠢᠶᠡᠨ ᠨᠢᠳᠤ ᠪᠠᠷ ᠶᠢᠡᠨ
ᠠᠯᠳᠠᠨ ᠴᠤᠪᠣᠭ᠎ᠠ ᠪᠠᠨ ᠦᠵᠠᠯ᠎ᠠ ᠰᠢᠤ ︕
ᠠᠯᠳᠠᠨ ᠴᠤᠪᠣᠭᠠᠨ ᠤ ᠮᠢᠨᠢ ᠦᠵᠦᠭᠦᠷ ᠳᠠᠭᠢ
ᠠᠢ᠌ᠯ ᠤᠨ ᠪᠠᠷ᠎ᠠ ᠪᠠᠨ ᠴᠤ ᠬᠠᠷᠠᠯ᠎ᠠ ᠰᠢᠤ ︕
ᠦᠨᠳᠦᠷ ᠳᠡᠭ᠍ᠷᠢ ᠶᠢᠨ ᠭᠦᠨ ᠳ᠋ᠠᠭᠢ
ᠣᠳᠤᠨ ᠵᠠᠬ᠎ᠠ ᠡᠴᠠ ᠴᠢ
ᠥᠩᠭᠡᠳᠤ ᠳᠤᠩᠭ᠋ᠠᠯᠠᠭ ᠨᠢᠳᠤ ᠪᠠᠷ ᠶᠢᠡᠨ
ᠦᠷᠦᠭᠡ ᠭᠡᠷ ᠤᠨ ᠮᠢᠨᠢ ᠳᠤᠳᠤᠷᠠᠭᠢ
ᠦᠨᠢᠷ ᠵᠢᠷᠭᠠᠯ ᠢ ᠴᠤ ᠬᠠᠷᠠᠭ᠎ᠠ ᠪᠢᠵᠠ ⁈
ᠮᠠᠨᠠᠭᠠᠨ ᠡᠴᠠ ᠪᠠᠨ ᠪᠢ ᠦᠷᠯᠦᠭᠡ ᠪᠠᠭᠤᠬᠤ ᠳᠤ
ᠮᠠᠠᠳᠠᠯ ᠡᠴᠠ ᠪᠠᠨ ᠴᠢ ᠴᠤ ᠦᠷᠯᠦᠭᠡ ᠪᠠᠭᠤᠯ᠎ᠠ᠃
ᠭᠡᠷᠡᠯᠳᠤ ᠨᠠᠷᠠᠨ ᠮᠠᠠᠳᠤᠭᠰᠠᠭᠠᠷ ᠯᠠ
ᠭᠡᠭᠡᠷ᠎ᠡ ᠳᠡᠭ᠍ᠷᠢ ᠶᠢᠨ ᠭᠡᠯᠭᠢᠶᠡᠨ ᠳ᠋ᠠᠭᠢ
ᠭᠡᠷ ᠲᠤ ᠪᠠᠨ ᠪᠢ ᠪᠠᠭᠤᠨ᠎ᠠ ᠰᠢᠤ ︕
ᠭᠡᠷ ᠲᠡᠭᠡᠨ ᠪᠢ ᠣᠷᠤᠭᠰᠠᠭᠠᠷ ᠯᠠ
ᠰᠠᠭᠠᠯᠢ ᠶᠢᠨ ᠠᠷᠢᠭᠢ ᠪᠠᠨ ᠭᠡᠮᠨᠡᠵᠤ
ᠰᠠᠷᠠᠨ ᠴᠢᠮ᠎ᠠ ᠳᠠᠭᠠᠨ ᠪᠠᠢ᠌ᠨ᠎ᠠ ᠰᠢᠤ ︕
ᠮᠠᠠᠳᠤᠬᠤ ᠨᠠᠷᠠᠨ ᠭᠠᠷᠤᠭᠰᠠᠭᠠᠷ ᠯᠠ
ᠮᠠᠩᠬ᠎ᠠ ᠳᠡᠭ᠍ᠷᠢ ᠶᠢᠨ ᠭᠡᠯᠭᠢᠶᠡᠨ ᠳ᠋ᠠᠭᠢ
ᠮᠠᠨᠠᠢ᠌ᠭᠢᠨ ᠶᠢᠡᠷ ᠴᠢ ᠴᠤ ᠪᠠᠭᠤᠨ᠎ᠠ ᠪᠢᠵᠠ ⁈
ᠮᠠᠨᠠᠢ᠌ᠭᠢᠨ ᠳᠤ ᠴᠢ ᠪᠠᠭᠤᠭᠰᠠᠭᠠᠷ ᠯᠠ
ᠭᠠᠪᠢᠶ᠎ᠠ ᠶᠢᠨ ᠠᠷᠢᠭᠢ ᠪᠠᠨ ᠭᠡᠮᠨᠡᠵᠤ
ᠮᠠᠨᠠᠭᠠᠴᠢᠨ ᠨᠠᠳᠠ ᠳᠠᠭᠠᠨ ᠪᠠᠷᠢᠨ᠎ᠠ ᠪᠢᠵᠠ ⁈
1982 . 3 . 5 ᠬᠦᠬᠡᠬᠤᠲᠠ ᠳ᠋ᠤ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠨᠠᠮ ᠤᠨ ᠰᠤᠷᠭᠠᠭᠤᠯᠢ
ᠵᠤᠬᠢᠶᠠᠭᠴᠢ᠄ ᠷ·ᠲᠦᠮᠡᠠ᠊ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12921
ᠴᠠᠭ᠄ 2014 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ