☆ ᠴ·ᠪᠠᠶᠠᠰᠤᠯ
ᠬᠦᠷᠡᠩ ᠪᠦᠷᠭᠦᠳ ᠤᠨ ᠬᠠᠳᠠ
ᠭᠦᠷᠡᠩ ᠪᠦᠷᠭᠦᠤᠨ ᠶᠡᠭᠡ ᠬᠤᠯᠠ ᠡᠴᠡ ᠴᠤᠴᠠᠵᠤ ᠢᠷᠡᠭ᠍ᠰᠡᠨ ᠶᠤᠮ
ᠭᠦᠷᠡᠩ ᠪᠦᠷᠭᠦᠤᠨ ᠶᠡᠭᠡ ᠣᠢ᠌ᠷ᠎ᠠ ᠡᠴᠡ ᠰᠤᠴᠢᠵᠤ ᠨᠢᠰᠦᠭ᠍ᠰᠡᠨ ᠶᠤᠮ
ᠭᠦᠮᠤᠨ ᠲᠦᠷᠦᠯᠭᠢᠳᠠᠨ ᠲᠡᠶ ᠳᠡᠩᠳᠡᠭᠦᠤ ᠳᠠᠰᠬᠤ ᠦᠭᠡᠶ ᠡᠨᠡ ᠵᠥᠷᠢᠭᠦᠤᠨ ᠠᠮᠢᠳᠠᠨ ᠳ᠋ᠤ
ᠭᠦᠮᠤᠨ ᠤ ᠭᠢ ᠪᠠ ᠦᠪᠡᠷ ᠤᠨ ᠭᠢ ᠭᠡᠳᠡᠭ᠌ ᠪᠣᠳᠤᠯ ᠤᠨ ᠢᠯᠭᠠᠭ᠎ᠠ ᠪᠠᠢ᠌ᠳᠠᠭ ᠶᠤᠮ
ᠬᠠᠳᠠᠨ ᠠᠩᠭ᠋ᠠᠯ ᠳᠤ ᠪᠦᠷᠭᠦᠤᠨ ᠡᠭᠦᠷ ᠶᠢᠡᠨ ᠪᠠᠷᠢᠳᠠᠭ ᠶᠤᠮ ᠡ
ᠬᠠᠳᠠᠨ ᠣᠷᠭᠢᠯ ᠳᠤ ᠪᠦᠷᠭᠦᠤᠨ ᠡᠭᠦᠷᠢᠳᠡ ᠰᠠᠭᠤᠳᠠᠭ ᠶᠤᠮ ᠡ
ᠬᠠᠳᠠᠨ ᠬᠤᠩᠭᠢᠯ ᠳᠤ ᠪᠦᠷᠭᠦᠤᠨ ᠭᠡᠵᠢᠶᠡᠳᠡ ᠪᠠᠭᠤᠳᠠᠭ ᠶᠤᠮ ᠡ
ᠬᠠᠭᠠᠨ ᠤ ᠡᠮᠴᠢ ᠴᠤ ᠪᠦᠷᠭᠦᠤᠨ ᠤᠨ ᠪᠠᠭᠠᠰᠤ ᠪᠠᠷ ᠳᠤᠳᠠᠳᠠᠭ ᠶᠤᠮ ᠡ
ᠡᠭᠡ ᠪᠦᠷᠭᠦᠤᠨ ᠨᠢ ᠥᠡᠳᠡᠭᠡ ᠪᠠᠨ ᠬᠠᠳᠠᠨ ᠳᠡᠭᠡᠷ᠎ᠡ ᠳᠦᠷᠦᠭ᠍ᠰᠡᠨ ᠶᠤᠮ
ᠢᠳᠠᠷ ᠪᠦᠷᠭᠦᠤᠨ ᠥᠡᠳᠡᠭᠡᠨ ᠡᠴᠡ ᠪᠠᠨ ᠬᠠᠳᠠᠨ ᠳᠡᠭᠡᠷ᠎ᠡ ᠨᠡᠪᠴᠢᠭ᠍ᠰᠡᠨ ᠶᠤᠮ
ᠡᠯᠢᠭᠡᠨ ᠣᠯᠠᠭᠠᠨ ᠬᠠᠳᠠ ᠨᠢ ᠳᠡᠭᠡᠭᠡᠤᠨ ᠪᠦᠷᠭᠦᠤᠨ ᠤᠨ ᠨᠤᠳᠤᠭ ᠪᠣᠯᠤᠭᠰᠠᠨ ᠶᠤᠮ
ᠡᠵᠡᠨ ᠶᠤᠰᠤᠭᠠᠷ ᠪᠦᠷᠭᠦᠤᠨ ᠳᠠᠩᠳᠠ ᠬᠠᠳᠠ ᠪᠠᠨ ᠰᠠᠭᠢᠳᠠᠭ ᠪᠠᠢ᠌ᠭᠰᠠᠨ ᠶᠤᠮ
ᠳᠠᠯᠠᠢ ᠭᠠᠳᠤᠯᠵᠤ ᠨᠢᠰᠭᠦ ᠮᠡᠳᠡᠯᠭᠡ ᠶᠢ ᠭᠦᠮᠦᠰ ᠪᠦᠷᠭᠦᠤᠨ ᠡᠴᠡ ᠰᠤᠷᠤᠭᠰᠠᠨ ᠶᠤᠮ
ᠳᠡᠯᠡᠭᠡᠢ ᠳᠤᠭᠤᠷᠢᠵᠤ ᠴᠠᠭᠳᠠᠬᠤ ᠡᠷᠳᠡᠮ ᠢ ᠪᠦᠷᠭᠦᠤᠨ ᠭᠦᠮᠦᠰ ᠲᠤ ᠵᠢᠭᠠᠭᠰᠠᠨ ᠶᠤᠮ
ᠳᠠᠷᠬᠠᠨ ᠣᠷᠤᠨ ᠶᠢᠡᠨ ᠬᠠᠮᠠᠭᠠᠯᠠᠬᠤ ᠵᠤᠷᠢᠭ ᠢ ᠪᠦᠷᠭᠦᠤᠨ ᠭᠦᠮᠦᠰ ᠲᠤ ᠦᠭᠭᠦᠭ᠍ᠰᠡᠨ ᠶᠤᠮ
ᠳᠠᠯᠳᠠ ᠶᠢᠨ ᠳᠠᠢ᠌ᠰᠤᠨ ᠡᠴᠡ ᠰᠡᠷᠭᠡᠢ᠌ᠯᠡᠭᠦ ᠣᠬᠠᠭᠠᠨ ᠢ ᠪᠦᠷᠭᠦᠤᠨ ᠭᠦᠮᠦᠰ ᠲᠤ ᠣᠯᠭᠤᠭᠰᠠᠨ ᠶᠤᠮ
ᠠᠰᠬ᠎ᠠ ᠬᠠᠳᠠᠨ ᠊ᠤ ᠣᠷᠭᠢᠯ ᠳᠡᠭᠡᠷ᠎ᠡ ᠭᠦᠷᠡᠩ ᠪᠦᠷᠭᠦᠤᠨ ᠱᠤᠮᠪᠠᠳᠠᠭ
ᠠᠯᠤᠰ ᠬᠤᠯᠠ ᠶᠢᠨ ᠪᠠᠷ᠎ᠠ ᠶᠢ ᠭᠢᠷᠠᠬᠠᠢ ᠨᠢᠳᠤ ᠪᠠᠷ ᠠᠵᠢᠭᠯᠠᠳᠠᠭ
ᠠᠢ᠌ᠬᠤᠪᠳᠤᠷ ᠬᠤᠷᠴᠠ ᠰᠠᠪᠠᠷ ᠶᠢᠡᠨ ᠬᠠᠳᠠᠨ ᠳᠡᠭᠡᠷ᠎ᠡ ᠪᠢᠯᠡᠭᠦᠳᠡᠳᠡᠭ᠌
ᠠᠶᠤᠯ ᠤᠨ ᠴᠢᠮᠡᠭᠡ ᠳᠤᠭᠤᠯᠳᠠᠭᠰᠠᠭᠠᠷ ᠠᠭᠠᠷ ᠪᠠᠷᠢᠨ ᠴᠣᠢ᠌ᠯᠠᠳᠠᠭ
ᠭᠦᠴᠦᠳᠤ ᠬᠤᠶᠠᠷ ᠳᠠᠯᠠᠪᠴᠢ ᠪᠠᠨ ᠬᠠᠳᠠᠨ ᠢᠷᠮᠡᠭ᠌ ᠲᠤ ᠳᠡᠯᠡᠳᠭᠦ ᠳ᠋ᠤᠨᠢ
ᠭᠦᠪᠴᠢ ᠶᠢᠨ ᠶᠡᠭᠡ ᠰᠢᠭᠤᠢ ᠴᠤᠤᠷᠢᠶ᠎ᠠ ᠡᠷᠭᠦᠵᠤ ᠳᠠᠴᠢᠭᠢᠨᠠᠳᠠᠭ
ᠭᠡᠳᠡᠷ ᠳᠤᠭᠰᠢᠨ ᠳᠠᠭᠤᠨ ᠶᠢᠡᠷ ᠪᠠᠢ᠌ᠨ ᠳᠠᠭᠢᠨ ᠢᠰᠭᠡᠷᠭᠦ ᠳ᠋ᠤᠨᠢ
ᠬᠤᠯᠵᠢᠨ ᠬᠣᠢ᠌ᠬᠤᠷ ᠠᠮᠢᠳᠠᠤᠨ ᠤᠨ ᠵᠢᠷᠦᠭᠡ ᠨᠢ ᠴᠠᠴᠠᠷᠠᠵᠤ ᠳᠠᠭᠵᠢᠳᠠᠭ
ᠪᠦᠷᠭᠦᠭ᠌ ᠰᠦᠨᠢ ᠶᠢ ᠴᠤᠭᠤᠴᠢᠵᠤ ᠪᠦᠷᠭᠦᠤᠨ ᠤᠨ ᠨᠢᠳᠤ ᠭᠢᠯᠠᠯᠵᠠᠳᠠᠭ ᠡᠴᠡ
ᠪᠦᠭᠬᠦᠵᠤ ᠬᠠᠯᠳᠠᠬᠤ ᠳᠠᠢ᠌ᠰᠤᠨ ᠳᠠᠷᠠ ᠭᠡᠷᠡᠯ ᠡᠴᠡ ᠰᠥᠷᠳᠡᠳᠡᠭ᠌ ᠪᠠᠢ᠌ᠵᠤ
ᠪᠦᠳᠤᠨ ᠨᠠᠰᠤ ᠪᠠᠨ ᠡᠯᠡᠭᠡᠵᠤ ᠬᠠᠳᠠ ᠪᠠᠨ ᠰᠠᠭᠢᠭᠰᠠᠨ ᠵᠢᠭᠦᠷᠳᠡᠨ ᠳ᠋ᠤ
ᠪᠣᠳᠤᠯ ᠵᠡᠭᠦᠳᠤᠨ ᠳ᠋ᠤᠨᠢ ᠣᠷᠤᠮ᠎ᠠ ᠦᠭᠡᠶ ᠵᠢᠭ᠍ᠳᠡᠢ ᠣᠴᠢᠷ ᠲᠤᠬᠢᠶᠠᠯᠳᠤᠳᠠᠭ ᠪᠠᠢ᠌ᠵᠤ ᠊᠊᠊᠊᠊᠊᠊᠊᠊᠊᠊᠊᠊᠊᠊
ᠪᠣᠮᠠᠳᠤ ᠶᠢᠨ ᠬᠠᠳᠠᠨ ᠤ ᠡᠯᠢᠭᠡᠨ ᠳᠤ ᠪᠣᠷᠬᠠᠨ ᠤ ᠭᠦᠷᠦᠭ᠌ ᠢᠯᠡᠷᠡᠳᠡᠭ᠌ ᠭᠡᠵᠤ
ᠪᠣᠷᠬᠠᠨ ᠤ ᠭᠦᠷᠦᠭ᠌ ᠤᠨ ᠴᠠᠭᠠᠨ᠎ᠠ ᠨᠢ ᠪᠣᠮᠠᠨ ᠡᠷᠳᠡᠨᠢ ᠨᠢᠭᠤᠭᠳᠠᠳᠠᠭ ᠭᠡᠵᠤ
ᠭᠡᠢ ᠲᠡᠶ ᠬᠤᠢ ᠲᠡᠶ ᠭᠦᠮᠦᠰ ᠭᠡᠯᠡᠯᠴᠡᠭᠡ ᠶᠠᠷᠢᠶ᠎ᠠ ᠳᠡᠯᠭᠡᠷᠡᠭᠦᠯᠪᠡ
ᠬᠤᠯᠠ ᠣᠢ᠌ᠷ᠎ᠠ ᠶᠢᠨ ᠰᠠᠷᠢᠭᠠᠴᠢᠳ ᠬᠣᠢ᠌ᠨ᠎ᠠ ᠬᠣᠢ᠌ᠨ᠎ᠠ ᠡᠴᠡ ᠪᠠᠨ ᠴᠤᠪᠣᠷᠠᠯᠳᠤᠪᠠ
ᠴᠢᠴᠢᠮ᠎ᠠ ᠬᠠᠷᠠᠩᠭ᠋ᠤᠢ ᠳᠤᠮᠳᠠᠭᠤᠷ ᠴᠠᠭᠢᠯᠭᠠᠨ ᠭᠡᠷᠡᠯ ᠭᠢᠯᠪᠠᠭᠠᠤᠨ
ᠴᠠᠪᠴᠢᠶᠠᠯ ᠬᠠᠳᠠᠨ ᠤ ᠢᠷᠤᠭᠠᠷ ᠲᠤ ᠴᠠᠷᠢᠯ ᠤᠨ ᠳᠠᠭᠤ ᠳᠠᠩᠭᠢᠨᠠᠪᠠ
ᠰᠤᠨᠤᠷ ᠠᠪᠣᠭᠰᠠᠨ ᠪᠦᠷᠭᠦᠤᠨ ᠲᠤ ᠰᠤᠨᠢᠬᠠᠨ ᠰᠤᠪᠢᠨ ᠮᠡᠳᠡᠷᠡᠭ᠍ᠳᠡᠵᠤ
ᠰᠤᠳᠤᠨ ᠵᠢᠭᠦᠷ ᠶᠢᠡᠨ ᠬᠤᠮᠪᠢᠭᠠᠤᠨ ᠰᠤᠮᠤᠳᠠᠨ ᠨᠢᠰᠭᠦ ᠪᠠᠷ ᠪᠡᠯᠡᠳᠭᠡᠪᠡ
ᠬᠠᠷ᠎ᠠ ᠳᠤᠯᠤᠭᠠᠢ᠌ᠳᠠᠨ ᠤ ᠪᠠᠰᠢᠷ ᠢ ᠬᠠᠳᠠᠨ ᠪᠦᠷᠭᠦᠤᠨ ᠰᠡᠷᠡᠮᠵᠢᠯᠡᠭ᠍ᠰᠡᠨ ᠴᠤ
ᠬᠠᠰᠢᠵᠤ ᠳᠠᠳᠠᠨ ᠢ ᠠᠷᠭᠠᠴᠠᠬᠤ ᠭᠦᠴᠤᠨ ᠴᠢᠳᠠᠯ ᠮᠡᠭᠦᠰᠳᠡᠨᠡ
ᠬᠠᠢ᠌ᠷᠠᠳᠠᠢ ᠨᠤᠳᠤᠭ ᠡᠴᠡ ᠪᠠᠨ ᠰᠠᠯᠤᠨ᠎ᠠ ᠳ᠋ᠠ ᠭᠡᠵᠤ ᠪᠦᠷᠭᠦᠤᠨ ᠳᠤᠳᠤᠷ᠎ᠠ ᠪᠠᠨ ᠰᠢᠮᠰᠢᠷᠡᠭ᠍ᠰᠡᠨ ᠴᠤ
ᠬᠠᠪᠢᠳᠠᠵᠤ ᠢᠷᠡᠭ᠍ᠰᠡᠨ ᠠᠶᠤᠯ ᠢ ᠵᠠᠢ᠌ᠯᠠᠭᠤᠯᠬᠤ ᠠᠷᠭ᠎ᠠ ᠮᠤᠬᠤᠷᠳᠠᠨ᠎ᠠ
ᠭᠦᠷ︕ ᠭᠡᠰᠡᠨ ᠭᠦᠡᠳᠤ ᠨᠦᠰᠠᠷ ᠳᠠᠭᠤᠨ ᠳ᠋ᠤ
ᠭᠦᠷᠡᠩ ᠪᠦᠷᠭᠦᠤᠨ ᠬᠠᠳᠠ ᠪᠠᠨ ᠨᠢᠭᠡᠨᠲᠡ ᠠᠯᠳᠠᠵᠠᠢ
ᠬᠤᠮᠤᠬᠠᠢ ᠣᠷᠴᠢᠯᠠᠩ ᠤᠨ ᠬᠤᠪᠳᠤᠭ ᠰᠠᠤᠠᠭᠢᠯ ᠢ ᠵᠢᠭ᠍ᠰᠢᠨ
ᠬᠤᠷᠮᠤᠰᠳᠠ ᠳᠡᠭ᠍ᠷᠢ ᠳᠡᠭᠡᠨ ᠴᠣᠢ᠌ᠯᠠᠨ ᠰᠤᠮᠤᠳᠠᠭᠰᠠᠭᠠᠷ ᠣᠤᠠᠴᠠᠢ
ᠥᠩᠭᠡᠳᠤ ᠣᠯᠠᠭᠠᠨ ᠬᠠᠳᠠ ᠨᠢ ᠥᠷᠡᠭ᠍ᠳᠡᠯ ᠪᠣᠯᠵᠤ ᠳᠡᠯᠪᠠᠴᠢᠭ᠍ᠳᠡᠭ᠍ᠰᠡᠨ ᠴᠤ
ᠥᠷᠯᠦᠭ᠌ ᠳᠡᠭ᠍ᠷᠢ ᠶᠢᠨ ᠰᠢᠪᠠᠭᠤ ᠦᠨᠳᠦᠷ ᠲᠤ ᠵᠠᠪᠳᠤᠨ ᠨᠢᠰᠴᠠᠢ
ᠣᠩᠭ᠋ᠤᠨ ᠪᠠᠢ᠌ᠭᠠᠯᠢ ᠶᠢᠨ ᠦᠵᠡᠮᠵᠢ ᠡ᠊ᠨᠳᠡᠭ᠍ᠳᠡᠯ ᠪᠣᠯᠵᠤ ᠰᠥᠢᠷᠡᠭ᠍ᠰᠡᠨ ᠴᠤ
ᠣᠯᠵᠠᠨ ᠳᠤ ᠰᠢᠨᠤᠭᠰᠠᠨ ᠭᠦᠮᠦᠰ ᠭᠠᠷ ᠬᠤᠭᠤᠰᠤᠨ ᠪᠣᠴᠠᠵᠠᠢ
ᠬᠠᠳᠠᠨ ᠳᠠᠭᠠᠨ ᠥᠭᠦᠵᠤ ᠴᠢᠯᠠᠭᠤᠵᠢᠨᠠ ᠭᠡᠰᠡᠨ ᠪᠦᠷᠭᠦᠤᠨ
ᠬᠠᠨᠠᠭᠠᠷ ᠣᠭᠳᠠᠷᠭᠤᠢ ᠳᠤ ᠠᠮᠢᠳᠤ ᠪᠠᠷ ᠶᠢᠡᠨ ᠰᠤᠮᠤᠳᠠᠵᠤ ᠣᠳᠤᠭᠰᠠᠨ ᠶᠤᠮ
ᠭᠦᠷᠡᠩ ᠪᠦᠷᠭᠦᠤᠨ ᠤᠨ ᠬᠠᠳᠠᠨ ᠤ ᠳᠠᠷᠠ ᠭᠦ ᠭᠡᠮᠭᠡᠳᠡᠭ᠌
ᠭᠦᠮᠤᠨ ᠤ ᠬᠤᠷᠸ᠎ᠠ ᠶᠢᠨ ᠨᠢᠭᠦᠯ ᠢ ᠭᠡᠷᠡᠴᠢᠯᠡᠵᠤ ᠥᠯᠡᠳᠡᠭ᠍ᠰᠡᠨ ᠶᠤᠮ
ᠵᠤᠬᠢᠶᠠᠭᠴᠢ᠄ ᠴ·ᠪᠠᠶᠠᠰᠤᠯ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄
ᠰᠢᠯᠦᠭᠳᠠᠷᠤᠮ᠄ 2641
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ