☆ ᠪᠠᠳᠤᠰᠠᠴᠠᠨ
ᠠᠮᠠᠷᠠᠭ ᠰᠠᠨᠠᠭ᠎ᠠ
ᠣᠰᠬᠠᠯ ᠵᠥᠭᠡᠯᠡᠨ ᠬᠠᠷᠠᠴᠠ ᠶᠢ ᠴᠢᠨᠢ
ᠬᠠᠷᠠᠭᠠᠤᠨ ᠯᠠ ᠪᠠᠢ᠌ᠬᠤ ᠶᠤᠮ ᠰᠠᠨ
ᠣᠶᠠᠰᠤᠨ ᠬᠠᠢ᠌ᠯᠤᠭᠰᠠᠨ ᠰᠡᠳᠭᠢᠯ ᠶᠢᠡᠨ ᠪᠢ
ᠠᠷᠭᠠᠳᠠᠵᠤ ᠨᠠᠮᠤᠤᠠᠬᠠᠬᠤ ᠦᠭᠡᠶ ᠤᠤ
ᠣᠠᠴᠠ ᠶᠢᠨ ᠰᠠᠢ᠌ᠬᠠᠨ ᠣᠷᠤᠭᠤᠯ ᠳᠡᠭᠡᠷ᠎ᠡ ᠴᠢᠨᠢ
ᠦᠨᠦᠰᠤᠯ ᠵᠡᠷᠭᠡᠯᠡᠭ᠍ᠰᠡᠨ ᠪᠣᠯ ᠳ᠋ᠠ
ᠦᠨᠡᠩᠬᠦ ᠴᠢᠮ᠎ᠠ ᠳᠤ ᠳᠤᠷᠠᠯᠠᠭᠰᠠᠨ
ᠬᠠᠢ᠌ᠷ᠎ᠠ ᠮᠢᠨᠢ ᠢᠯᠡᠷᠡᠭᠦ ᠦᠭᠡᠶ ᠤᠤ
ᠪᠠᠬᠠᠷᠤᠮ᠎ᠠ ᠰᠠᠢ᠌ᠬᠠᠨ ᠭᠡᠵᠢᠭᠡ ᠶᠢ ᠴᠢᠨᠢ
ᠢᠯᠪᠢᠨ ᠳᠠᠭᠠᠯᠠᠬᠤ ᠶᠤᠮ ᠰᠠᠨ
ᠪᠣᠳᠤᠯ ᠤᠨ ᠬᠠᠢ᠌ᠷ᠎ᠠ ᠶᠢᠨ ᠥᠭᠡᠰ ᠤᠨ
ᠣᠤᠠᠬ᠎ᠠ ᠶᠢ ᠳᠠᠢ᠌ᠯᠬᠤ ᠦᠭᠡᠶ ᠤᠤ
ᠪᠣᠯᠪᠠᠷᠠᠢ ᠣᠶᠠᠬᠠᠨ ᠢᠨᠢᠶᠠᠯ ᠢ ᠴᠢᠨᠢ
ᠥᠮᠴᠢᠷᠭᠡᠵᠤ ᠠᠪᠣᠭᠰᠠᠨ ᠪᠣᠯ ᠳ᠋ᠠ
ᠪᠦᠮᠪᠦᠷᠴᠡᠭ᠌ ᠤᠨ ᠬᠤᠤᠰ ᠤᠳ ᠤᠨ ᠳᠠᠩᠰᠠᠨ ᠳ᠋ᠤ
ᠢᠨᠢᠶᠠᠵᠤ ᠪᠢ ᠨᠠᠷᠠ ᠪᠠᠨ ᠮᠡᠳᠡᠭᠦᠯᠭᠦ ᠦᠭᠡᠶ ᠤᠤ
ᠬᠠᠢ᠌ᠷ᠎ᠠ ᠭᠦᠪᠦᠷᠢᠭᠦᠯᠭᠦ ᠰᠢᠪᠠᠨᠠᠯ ᠢ ᠴᠢᠨᠢ
ᠴᠢᠩᠨᠠᠨ ᠴᠢᠩᠨᠠᠬᠤ ᠶᠤᠮ ᠰᠠᠨ
ᠬᠤᠷᠸ᠎ᠠ ᠶᠢᠨ ᠰᠠᠢ᠌ᠬᠠᠨ ᠵᠢᠷᠭᠠᠯ ᠳ᠋ᠤ
ᠴᠠᠳᠳᠠᠯ᠎ᠠ ᠱᠤᠩᠪᠠᠬᠤ ᠦᠭᠡᠶ ᠤᠤ
ᠬᠠᠯᠠᠭᠤᠬᠠᠨ ᠬᠤᠶᠠᠷ ᠭᠠᠷ ᠶᠢᠡᠨ ᠴᠢ
ᠠᠳᠬᠤ ᠭᠡᠵᠤ ᠦᠭᠭᠦᠭ᠍ᠰᠡᠨ ᠪᠣᠯ ᠳ᠋ᠠ
ᠬᠠᠨᠢ ᠶᠢᠨ ᠵᠠᠶᠠᠭᠠᠨ ᠤ ᠠᠮᠠᠷᠠᠭ ᠳᠡᠭ᠍ᠷᠢ ᠳ᠋ᠤ
ᠬᠤᠶᠠᠷ ᠣᠳᠤᠨ ᠪᠣᠯᠵᠤ ᠡᠯᠭᠦᠭ᠍ᠳᠡᠭᠦ ᠦᠭᠡᠶ ᠤᠤ
ᠰᠠᠢ᠌ᠬᠠᠨ ᠴᠢᠮ᠎ᠠ ᠶᠢ ᠰᠠᠨᠠᠭᠰᠠᠨ ᠰᠠᠨᠠᠭ᠎ᠠ ᠵᠢ
ᠮᠠᠳᠠᠶ᠎ᠠ ᠭᠡᠮᠡᠨ ᠪᠣᠳᠤᠪᠠᠰᠤ
ᠰᠠᠷᠠᠭᠤᠯ ᠰᠦᠨᠢ ᠶᠢᠨ ᠣᠳᠤᠳᠤ ᠳᠡᠭ᠍ᠷᠢ ᠵᠢᠨ
ᠭᠡᠷᠡᠯ ᠭᠡᠳᠦᠢ ᠶᠢ ᠳᠤᠭᠠᠯᠠ
ᠰᠡᠮᠡᠭᠡᠷ ᠣᠷᠭᠤᠳᠠᠭ ᠬᠠᠢ᠌ᠷ᠎ᠠ ᠶᠢ ᠮᠢᠨᠢ
ᠳᠠᠩᠰᠠᠶᠠ ᠭᠡᠮᠡᠨ ᠪᠣᠳᠤᠪᠠᠰᠤ
ᠰᠠᠪ ᠦᠭᠡᠶ ᠶᠡᠭᠡ ᠳᠠᠩᠭᠢᠰ ᠤᠨ
ᠭᠦᠨ ᠭᠡᠳᠦᠢ ᠶᠢ ᠭᠡᠮᠵᠢ︕
ᠵᠤᠬᠢᠶᠠᠭᠴᠢ ᠶᠢᠨ ᠬᠠᠶᠢᠭ᠄ ᠣᠯᠠᠭᠠᠠᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠯᠢᠠᠲᠦᠩ ᠪᠠᠯᠭᠠᠰᠤ
ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ