☆ ᠶᠢᠨ ᠯᠦᠩ
ᠨᠠᠮ᠎ᠠ ᠶᠢ ᠴᠢ ᠥᠭᠡᠢ᠌ᠯᠡᠭ᠍ᠰᠡᠨ ᠴᠤ ᠪᠣᠯᠪᠠ ᠤᠤ
ᠬᠤᠯᠠ ᠶᠢᠨ ᠨᠡᠭᠦᠳᠡᠯ ᠴᠥᠷᠭᠦᠯᠡᠭᠡᠳ
ᠰᠢᠪᠠᠭᠤᠳ ᠢᠷᠡᠭᠦ ᠦᠶ᠎ᠡ ᠪᠠᠷ
ᠬᠤᠩᠭ᠋ᠤᠷ ᠵᠢᠷᠦᠭᠡ ᠶᠢ ᠮᠢᠨᠢ ᠡᠮᠵᠡᠭᠯᠡᠭᠦᠯᠦᠭᠡᠳ
ᠴᠢ ᠶᠠᠪᠣᠭᠰᠠᠨ ᠶᠤᠮ ᠁
ᠨᠠᠮᠤᠷ ᠤᠨ ᠨᠠᠪᠴᠢ ᠰᠢᠷᠭᠠᠯᠳᠤᠬᠤ ᠪᠦᠷᠦᠢ ᠪᠠᠷ
ᠨᠠᠮ᠎ᠠ ᠶᠢ ᠴᠢ ᠥᠭᠡᠢ᠌ᠯᠡᠭ᠍ᠰᠡᠨ ᠴᠤ ᠪᠣᠯᠪᠠ ᠦᠦ︖
ᠢᠠᠵᠠᠭᠠᠨ ᠭᠤᠤᠯ ᠤᠨ
ᠢᠨᠠᠭ ᠤᠨ ᠳᠤᠤᠯᠢ ᠪᠠᠨ
ᠠᠭᠢᠭᠠᠤᠨ ᠣᠷᠪᠠᠭᠤᠯᠬᠤ ᠶᠢ
ᠮᠠᠷᠳᠠᠭᠰᠠᠨ ᠶᠤᠮ ᠤᠤ
ᠠᠮᠢᠳᠤᠷᠠᠯ ᠭᠡᠳᠡᠭ᠌
ᠭᠡᠴᠡᠭᠦᠭᠡᠨ ᠳᠤᠭᠯᠠᠭᠠᠮ ᠳᠤ
ᠠᠢ᠌ᠵᠠᠮ ᠠᠯᠳᠠᠭᠠᠤᠨ
ᠳᠦᠭᠡᠷᠢᠭ᠍ᠰᠡᠨ ᠴᠤ ᠪᠣᠯᠪᠠ ᠦᠦ ᠁
ᠠᠶᠠᠨ ᠤ ᠰᠢᠪᠠᠭᠤᠳ
ᠨᠤᠳᠤᠭ ᠶᠢᠡᠨ ᠵᠥᠭᠯᠡᠳᠡᠭ᠌ ᠭᠡᠨᠡᠮ
ᠠᠷᠢᠭᠤᠨ ᠳᠤᠷᠠᠯᠠᠯ
ᠬᠠᠨᠢ ᠪᠠᠨ ᠥᠭᠡᠢ᠌ᠯᠡᠳᠡᠭ᠌ ᠭᠡᠨᠡᠮ
ᠨᠠᠮᠤᠷ ᠡᠷᠢᠭ᠍ᠳᠡᠵᠤ
ᠳᠤᠭᠤᠷᠤᠤ ᠬᠤᠷᠭᠤᠳᠠᠬᠤ ᠶᠢᠨ ᠦᠶ᠎ᠡ ᠪᠠᠷ
ᠨᠠᠮ᠎ᠠ ᠶᠢ ᠴᠢ
ᠳᠤᠷᠠᠰᠤᠨ ᠥᠭᠡᠢ᠌ᠯᠡᠳᠡᠭ᠌ ᠪᠣᠯᠪᠠ ᠦᠦ︖
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4150
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ