ᠨᠡᠪᠲᠡᠷᠡᠨ ᠤᠷᠤᠬᠤ
ᠮᠦᠷᠦᠭᠡᠳᠦᠯ

ᠰᠠᠯᠭᠢᠨ ᠤ ᠰᠡᠮᠡᠷᠡᠭᠡᠨ ᠵᠢᠠᠷ  

ᠮᠦᠷᠦᠭᠡᠳᠦᠯ ᠳᠠᠮᠨᠠᠨ ᠣᠳᠤᠭᠰᠠᠨ ᠶᠤᠮ  

ᠰᠠᠠᠴᠢᠭ ᠤᠨ ᠭᠡᠵᠢᠭᠡ ᠶᠢ ᠴᠢᠨᠢ  

ᠢᠯᠪᠢᠭᠡᠳ ᠨᠢᠭᠡ ᠢᠷᠡᠭᠦ ᠪᠣᠢ  

ᠰᠠᠯᠬᠤ ᠶᠢᠨ ᠣᠴᠢᠷ ᠥᠭᠡᠢ  

ᠠᠭᠤᠯᠵᠠᠭ᠎ᠠ ᠦᠭᠡᠶ ᠴᠢᠮ᠎ᠠ ᠳᠤ ᠪᠠᠨ  

ᠰᠠᠷ᠎ᠠ ᠮᠠᠠᠳᠤ  

ᠠᠮᠤᠷ ᠲᠡᠶ ᠪᠠᠨ ᠬᠠᠮᠳᠤ ᠣᠴᠢᠬᠤ ᠯᠠ ᠪᠠᠢ᠌ᠬᠤ  

ᠣᠮᠳᠠᠭᠠᠰᠴᠤ ᠭᠦᠷᠦᠭ᠍ᠰᠡᠨ ᠣᠷᠤᠭᠤᠯ ᠳ᠋ᠤᠨᠢ  

ᠳᠤᠰᠤᠯᠠᠩᠭᠬᠠᠨ ᠨᠢᠯᠪᠣᠰᠤ ᠪᠠᠨ ᠬᠠᠢ᠌ᠷᠠᠯᠠᠭᠠᠴᠢ  

ᠭᠠᠵᠠᠷ ᠤᠨ ᠵᠠᠢ ᠵᠢ  

ᠡᠯᠢᠭᠡᠳᠡᠨ ᠪᠠᠢ᠌ᠵᠤ ᠭᠦᠷᠦᠭᠡ ᠶᠤᠮ ᠰᠢᠤ  

ᠠᠶᠠᠨ ᠤ ᠳᠤᠭᠤᠰᠤ ᠪᠠᠨ  

ᠠᠯᠵᠢᠶᠠᠯ ᠲᠡᠶ ᠪᠠᠨ ᠬᠠᠮᠳᠤ ᠣᠷᠭᠢᠨ᠎ᠠ ᠪᠠᠢ᠌ᠬᠤ  

ᠭᠠᠭᠴᠠ ᠮᠦᠷᠦᠭᠡᠳᠦᠯ ᠵᠢᠠᠨ  

ᠠᠷᠭᠠᠳᠠᠨ ᠪᠠᠢ᠌ᠵᠤ ᠣᠴᠢᠭ᠎ᠠ ᠶᠤᠮ ᠰᠢᠤ  

ᠬᠤᠠᠳᠤ ᠣᠯᠠᠭᠠᠨ ᠬᠠᠴᠠᠷ ᠤᠨ ᠴᠢᠨᠢ  

ᠦᠩᠭᠡᠨ ᠳᠤ ᠨᠢ ᠨᠢᠭᠡ ᠰᠢᠩᠭᠡᠭ᠌  

ᠵᠠᠳᠠᠷᠠᠵᠤ ᠪᠠᠭᠤᠭᠰᠠᠨ ᠭᠡᠵᠢᠭᠡ ᠶᠢᠨ ᠴᠢᠨᠢ  

ᠦᠨᠦᠷ ᠲᠤ ᠨᠢ ᠨᠢᠭᠡ ᠰᠤᠭᠳᠤᠭ  

ᠬᠠᠷ᠎ᠠ ᠰᠤᠷᠮᠤᠰᠤᠨ ᠮᠠᠯᠮᠠᠢ ᠶᠢ ᠴᠢᠨᠢ  

ᠬᠠᠯᠠᠭᠤᠨ ᠠᠮᠢᠰᠬᠤᠯ ᠶᠢᠡᠷ ᠶᠢᠡᠨ ᠨᠤᠷᠭᠠᠶ᠎ᠠ  

ᠬᠠᠩᠭ᠋ᠠᠢ ᠦᠷᠭᠡᠨ ᠴᠡᠭᠡᠵᠢ ᠳᠤ ᠪᠠᠨ  

ᠣᠷᠤᠮ ᠢ ᠴᠢᠨᠢ ᠥᠯᠡᠳᠡᠭᠡᠳᠡᠯ᠎ᠡ ᠳᠠᠪᠠᠷᠢᠶ᠎ᠠ ᠁   

ᠠᠯᠢᠶᠠᠷᠬᠠᠭ ᠵᠠᠩ ᠶᠢᠡᠷ ᠵᠢᠠᠨ  

ᠠᠷᠭᠠᠳᠠᠨ ᠪᠠᠢ᠌ᠵᠤ ᠶᠠᠪᠣᠭᠤᠯᠤᠭᠠᠴᠢ  

ᠠᠩᠭ᠋ᠠᠭᠰᠠᠨ ᠬᠤᠪᠳᠤᠯ ᠤᠨ ᠭᠦᠷᠦᠰᠤ ᠨᠢ  

ᠣᠮᠳᠠᠯᠭᠳᠠᠨ ᠪᠠᠢ᠌ᠵᠤ ᠨᠤᠭᠤᠭᠠᠷᠠᠨ᠎ᠠ ᠳ᠋ᠠ  

ᠰᠤᠭᠤ ᠭᠣᠢ᠌ᠪᠠᠬᠠᠨ ᠳᠦᠷᠢ ᠶᠢ ᠴᠢᠨᠢ ᠠᠪᠣᠭᠠᠤᠨ  

ᠰᠢᠨᠡᠭᠡᠨ ᠶᠢᠡᠷ ᠶᠢᠡᠨ ᠪᠠᠢ᠌ᠯᠭᠠᠵᠤ ᠰᠢᠯᠦᠭᠯᠡᠨ᠎ᠡ ᠳ᠋ᠠ  

  

          2011 .5 .11 ᠬᠦᠬᠡᠬᠤᠲᠠ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ