ᠨᠡᠪᠲᠡᠷᠡᠨ ᠤᠷᠤᠬᠤ
ᠡᠷᠳᠡᠨᠢ ᠶᠢᠨ ᠡᠷᠢᠭᠡ

      ᠨᠢᠭᠡ᠂ 《ᠬᠤᠪᠣᠷ ᠡᠷᠳᠡᠨᠢ》


ᠶᠠᠮᠠᠷᠪᠠ ᠨᠢᠭᠡ ᠣᠬᠠᠭᠳᠠᠬᠤᠨ ᠤ ᠳᠤᠬᠠᠢ ᠭᠦᠮᠦᠰ ᠤᠨ ᠳᠠᠨᠢᠯᠳᠠ ᠳᠠᠢ᠌ᠯᠪᠣᠷᠢ ᠨᠢ ᠴᠠᠭ ᠦᠶ᠎ᠡ ᠶᠢᠨ ᠰᠢᠠᠵᠢ᠂ ᠣᠯᠤᠰ ᠦᠨᠳᠦᠰᠦᠳᠠᠨ ᠤ ᠰᠢᠠᠵᠢ᠂ ᠭᠠᠵᠠᠷ ᠣᠷᠤᠨ ᠤ ᠰᠢᠠᠵᠢ᠂ ᠳᠠᠷᠠᠴᠢᠯᠠᠨ ᠬᠤᠪᠢ ᠭᠦᠮᠤᠨ ᠤ ᠰᠢᠠᠵᠢ ᠲᠡᠶ ᠪᠠᠢ᠌ᠳᠠᠭ᠃ ᠳᠠᠢ᠌ᠮᠤ ᠡᠴᠠ᠂ ᠶᠠᠭᠤ ᠪᠣᠯ ᠰᠠ‍‌ᠶᠢ 《ᠡᠷᠳᠡᠨᠢ》 ᠪᠣᠯᠬᠤ ᠳᠤᠬᠠᠢ ᠭᠦᠮᠦᠰ ᠤᠨ ᠳᠠᠨᠢᠯᠳᠠ ᠳᠠᠢ᠌ᠯᠪᠣᠷᠢ ᠨᠢ ᠨᠡᠢ᠌ᠭᠡᠮ ᠴᠠᠭ ᠦᠶ᠎ᠡ ᠶᠢᠨ ᠭᠦᠭ᠍ᠵᠢᠯᠳᠡ ᠶᠢ ᠳᠠᠭᠠᠯᠳᠤᠨ ᠬᠤᠪᠢᠰᠤᠨ ᠥᠭᠡᠷᠡᠳᠡᠵᠤ ᠪᠠᠢ᠌ᠬᠤ ᠨᠢ ᠳᠠᠮᠵᠢᠭ ᠦᠭᠡᠶ᠃ ᠨᠤᠷᠵᠢᠨ ᠤ ᠮᠤᠩᠭ᠋ᠤᠯ ᠭᠡᠯᠡᠨ ᠤ ᠳᠤᠮᠤ ᠳᠤᠯᠢ ᠪᠢᠴᠢᠭ᠌ ᠲᠤ 《ᠡᠷᠳᠡᠨᠢ》 ᠭᠡᠮᠡᠭ᠍ᠴᠢ ᠶᠢ 《ᠬᠤᠪᠣᠷ ᠴᠤᠬᠠᠭ᠂ ᠡᠷᠭᠢᠮ ᠦᠨᠡᠳᠠᠢ ᠶᠠᠭᠤᠮ᠎ᠠ》 ᠭᠡᠵᠤ ᠳᠠᠢ᠌ᠯᠪᠣᠷᠢᠯᠠᠵᠤ ᠪᠠᠢ᠌ᠳᠠᠭ᠃ ᠡᠨᠡ ᠳᠠᠢ᠌ᠯᠪᠣᠷᠢ ᠨᠢ ᠪᠠᠷᠤᠭ 《ᠡᠷᠳᠡᠨᠢ》 ᠶ᠋ᠢᠨ ᠳᠤᠬᠠᠢ ᠨᠠᠢ᠌ᠳᠠ ᠭᠦᠮᠦᠰ ᠤᠨ ᠣᠯᠠᠮᠵᠢᠯᠠᠯᠳᠤ ᠰᠡᠳᠭᠢᠭᠦᠢ᠂ ᠣᠯᠠᠮᠵᠢᠯᠠᠯᠳᠤ ᠦᠵᠠᠯᠳᠠ ᠳᠠᠨᠢᠯᠳᠠ ᠶᠢ ᠲᠦᠯᠦᠭᠡᠯᠡᠵᠤ ᠪᠠᠢ᠌ᠭ᠎ᠠ ᠶᠤᠮ᠃ ᠡ᠊ᠨᠳᠡ ᠡᠴᠠ ᠦᠵᠡᠭᠦ ᠳᠤ᠂ 《ᠡᠷᠳᠡᠨᠢ》 ᠨᠢ ᠵᠠᠪᠠᠯ 《ᠬᠤᠪᠣᠷ ᠴᠤᠬᠠᠭ》᠂ 《ᠡᠷᠭᠢᠮ ᠦᠨᠡᠳᠠᠢ》 ᠊᠊᠊᠊᠊᠊᠊᠊᠊᠊᠊᠊᠊᠊᠊ 《ᠶᠠᠭᠤᠮ᠎ᠠ》 ᠪᠠᠢ᠌ᠬᠤ ᠭᠡᠷᠡᠭ᠍ᠳᠡᠢ᠃ ᠭᠦᠮᠦᠰ ᠡᠢ᠌ᠨ ᠭᠦ ᠬᠤᠪᠣᠷ ᠴᠤᠬᠠᠭ ᠶᠠᠭᠤᠮ᠎ᠠ ᠶᠢ ᠡᠷᠳᠡᠨᠢ ᠭᠡᠵᠤ ᠦᠵᠡᠳᠡᠭ᠌ ᠡᠴᠠ ᠪᠣᠯᠵᠤ 《ᠶᠠᠭᠤᠮ᠎ᠠ ᠬᠤᠪᠣᠷ ᠲᠠᠭᠠᠨ ᠦᠨᠡᠳᠠᠢ》 ᠭᠡᠭᠦ ᠥᠭᠡ ᠦᠵᠠᠯᠳᠠ ᠴᠤ ᠭᠠᠷᠴᠤ ᠢᠷᠡᠭ᠍ᠰᠡᠨ ᠪᠠᠢ᠌ᠬᠤ ᠶᠤᠰᠤᠳᠠᠢ᠃

《ᠶᠠᠭᠤᠮ᠎ᠠ ᠬᠤᠪᠣᠷ ᠲᠠᠭᠠᠨ ᠦᠨᠡᠳᠠᠢ》 ᠭᠡᠳᠡᠭ᠌ ᠨᠢ ᠠᠯᠳᠠ᠂ ᠮᠦᠩᠭᠦ᠂ ᠱᠢᠷᠤ᠂ ᠰᠤᠪᠣᠤᠨ᠂ ᠠᠯᠮᠠᠰ᠂ ᠡᠷᠳᠡᠨᠢᠨ ᠴᠢᠯᠠᠭᠤ ᠁ ᠮᠠᠳᠤ ᠶᠢᠨ 《ᠬᠤᠪᠣᠷ ᠴᠤᠬᠠᠭ》 《ᠡᠷᠭᠢᠮ ᠦᠨᠡᠳᠠᠢ》 ᠪᠣᠳᠠᠰ 《ᠶᠠᠭᠤᠮ᠎ᠠ》 ᠶ᠋ᠢ ᠵᠢᠭᠠᠳᠠᠭ᠃ ᠡ᠊ᠨᠳᠡ ᠵᠤᠭᠤᠰ ᠮᠦᠩᠭᠦ ᠪᠣᠯ 《ᠡᠷᠳᠡᠨᠢ》 ᠶ᠋ᠢ ᠭᠡᠮᠵᠢᠨ ᠳᠤᠭᠳᠠᠭᠠᠬᠤ ᠭᠤᠤᠯ ᠪᠠᠷᠢᠮᠵᠢᠶ᠎ᠠ ᠪᠣᠯᠬᠤ ᠨᠢ ᠳᠤᠳᠤᠷᠬᠠᠢ᠃ 《ᠬᠤᠪᠣᠷ ᠡᠷᠳᠡᠨᠢ》 ᠨᠢ ᠭᠡᠯᠡᠯᠭᠡᠨ ᠦᠭᠡᠶ 《ᠡᠷᠳᠡᠨᠢ》 ᠮᠦᠨ᠃ ᠳᠡᠭᠡᠪᠠᠯ᠂ 《ᠬᠤᠪᠣᠷ ᠪᠢᠰᠢ》 ᠵᠣᠢ᠌ᠯᠠᠰ ᠨᠢ ᠪᠦᠷ ᠡᠷᠳᠡᠨᠢ ᠪᠢᠰᠢ ᠪᠣᠯᠴᠢᠬᠠᠭᠰᠠᠨ ᠭᠡᠵᠢ ᠦᠦ ︖ ᠭᠦᠮᠦᠰ ᠶᠠᠷᠤ ᠳᠡᠭᠡᠨ ᠬᠤᠪᠣᠷ ᠪᠣᠰᠤ ᠵᠣᠢ᠌ᠯ ᠢ 《ᠬᠤᠮᠠᠭ ᠰᠢᠷᠤᠢ ᠮᠠᠳᠤ》᠂ 《ᠡᠪᠠᠰᠤ ᠰᠢᠷᠤᠢ ᠮᠠᠳᠤ》᠂ 《ᠣᠰᠤ ᠴᠠᠰᠤ ᠮᠠᠳᠤ》 ᠭᠡᠵᠤ ᠡᠭᠡᠯᠴᠢᠯᠡᠨ ᠨᠡᠷᠡᠯᠡᠳᠡᠭ᠌ ᠣᠳᠠᠭ᠎ᠠ ᠲᠡᠶ᠃ ᠡᠭᠦᠨ ᠳᠤ᠂ 《ᠡᠪᠠᠰᠤ ᠰᠢᠷᠤᠢ》 ᠨᠢ 《ᠡᠷᠭᠢᠮ ᠪᠣᠰᠤ》 ᠊᠊᠊᠊᠊᠊᠊᠊᠊᠊᠊᠊᠊᠊᠊ 《ᠡᠷᠳᠡᠨᠢ ᠪᠣᠰᠤ》 ᠭᠡᠭᠦ ᠦᠵᠠᠯ ᠪᠣᠳᠤᠯ᠂ ᠦᠷᠳᠡᠭ᠌ ᠤᠨ ᠦᠵᠠᠯᠳᠠ ᠨᠢᠭᠤᠭᠳᠠᠵᠤ ᠪᠠᠢ᠌ᠭ᠎ᠠ ᠨᠢ ᠠᠶᠤᠯᠳᠠᠢ ᠠᠵᠢ ︕ ᠣᠤᠯ ᠨᠢ ᠪᠢᠳᠠᠨ ᠳᠤ ᠡᠪᠠᠰᠤ ᠮᠤᠳᠤ ᠡᠯᠪᠠᠭ᠌ ᠳᠡᠯᠪᠠᠭ᠌᠂ ᠥᠭ᠍‍ᠭᠢᠶᠡᠮᠦᠷ ᠨᠥᠮᠵᠦᠭ᠌ ᠪᠠᠢ᠌ᠬᠤ ᠳᠤ 《ᠬᠤᠪᠣᠷ ᠡᠷᠳᠡᠨᠢ》 ᠶ᠋ᠢ ᠡᠷᠭᠢᠮᠯᠡᠭ᠍ᠰᠡᠭᠡᠷ ᠪᠠᠢ᠌ᠭᠠᠤᠨ ᠬᠤᠪᠣᠷ ᠪᠣᠰᠤ 《ᠡᠪᠠᠰᠤ ᠰᠢᠷᠤᠢ》᠂ ᠪᠠᠯᠴᠢᠭᠡᠷ ᠣᠰᠤ ᠪᠠᠨ ᠡᠷᠭᠢᠮᠯᠡᠨ ᠨᠠᠠᠳᠢᠩᠨᠠᠬᠤ ᠪᠠᠨ ᠣᠮᠳᠤᠭᠠᠢ᠌ᠯᠠᠭᠰᠠᠨ ᠪᠢᠰᠢ ᠪᠢᠯᠢᠤ ︖ ᠣᠳᠤ ᠴᠢᠨᠢ ᠳᠡᠭᠡᠭᠦ ᠳᠤ 《ᠡᠪᠠᠰᠤ ᠣᠰᠤ》 ᠳᠤᠳᠠᠵᠤ ᠳᠤᠠᠳᠠᠷᠠᠨ᠂ ᠡᠪᠠᠰᠤ ᠣᠰᠤ ᠬᠤᠪᠣᠷᠳᠠᠭᠠᠤᠨ ᠢᠷᠡᠭᠦ ᠪᠠᠷ ᠰᠠ‍‌ᠶᠢ ᠯᠠ ᠨᠤᠳᠤᠭ ᠣᠰᠤ᠂ ᠡᠪᠠᠰᠤ ᠮᠤᠳᠤ ᠬᠠᠷᠢᠨ ᠮᠠᠰᠢ ᠡᠷᠭᠢᠮ 《ᠡᠷᠳᠡᠨᠢ》 ᠭᠡᠳᠡᠭ᠌ ᠶᠢᠡᠨ ᠣᠬᠠᠭᠰᠠᠨ ᠪᠢᠰᠢ ᠪᠢᠯᠢᠤ᠃ ᠭᠦᠮᠦᠰ ᠢᠩᠭᠢᠵᠤ ᠡᠷᠳᠡᠨᠢ ᠪᠠᠨ ᠬᠤᠪᠣᠷᠳᠠᠭᠠᠤᠨ ᠢᠷᠡᠭᠦ ᠪᠠᠷ ᠨᠢ᠂ ᠭᠡᠵᠢᠶ᠎ᠡ ᠰᠡᠭᠦᠯ ᠳᠤ ᠨᠢ ᠰᠠ‍‌ᠶᠢ ᠡᠷᠳᠡᠨᠢ ᠪᠠᠨ ᠡᠷᠳᠡᠨᠢ ᠭᠡᠵᠤ ᠳᠠᠨᠢᠬᠤ ᠳᠤ ᠨᠢᠭᠡᠨᠲᠡ ᠶᠡᠭᠡ ᠣᠷᠣᠢ᠌ᠳᠠᠳᠠᠭ ᠣᠳᠠᠭ᠎ᠠ ᠲᠡᠶ ᠠᠵᠢ᠃ ᠨᠢᠭᠡ ᠭᠦᠮᠤᠨ ᠳᠤ ᠨᠢᠭᠡᠯᠭᠡᠨ ᠨᠤᠳᠤᠭ ᠣᠰᠤ ᠲᠡᠶ᠃ ᠭᠡᠨ ᠪᠦᠭᠦᠨ ᠳᠤ ᠭᠠᠭᠴᠠᠬᠠᠨ ᠪᠠᠢ᠌ᠳᠠᠭ ᠨᠤᠳᠤᠭ ᠰᠢᠷᠤᠢ ᠡ ︕ ᠦᠨᠡᠨᠳᠡᠭᠡᠨ ᠵᠢᠩᠭᠢᠨᠢ 《ᠬᠤᠪᠣᠷ ᠡᠷᠳᠡᠨᠢ》 ᠪᠠᠢ᠌ᠯ᠎ᠠ ᠭᠡᠳᠡᠭ᠌ ᠢ ᠣᠬᠠᠬᠤ ᠪᠠᠨ ᠳᠠᠩᠴᠢ ᠶᠠᠭᠠᠭᠢᠯ᠎ᠠ ᠡ ︖ 《ᠣᠨᠠᠭᠰᠠᠨ ᠰᠢᠷᠤᠢ ᠠᠯᠳᠠ᠂ ᠣᠤᠭᠤᠭᠰᠠᠨ ᠣᠰᠤ ᠷᠠᠰᠢᠶᠠᠨ》 ᠭᠡᠳᠡᠭ᠌ ᠪᠣᠯᠪᠠᠴᠤ᠂ ᠭᠡᠷᠡᠭ᠌ ᠳᠡᠭᠡᠷ᠎ᠡ ᠪᠠᠨ ᠠᠯᠳᠠ ᠪᠠᠷ ᠭᠡᠷᠭᠢᠨ ᠰᠤᠯᠢᠵᠤ ᠪᠣᠯᠬᠤ ᠪᠢᠯᠠ᠃


        ᠬᠤᠶᠠᠷ᠂ 《ᠦᠨᠡᠨ ᠡᠷᠳᠡᠨᠢ》


ᠳᠡᠭᠡᠷ᠎ᠡ ᠶᠠᠷᠢᠭᠰᠠᠨ ᠡᠴᠠ ᠦᠵᠠᠪᠠᠯ᠂ ᠶᠠᠭᠤ ᠶᠢ ᠡᠷᠳᠡᠨᠢ ᠭᠡᠳᠡᠭ᠌ ᠪᠣᠢ ︖ ᠭᠡᠭᠦ ᠠᠰᠠᠭᠤᠳᠠᠯ ᠨᠢ ᠠᠪᠤᠨ ᠦᠵᠡᠭᠦ ᠳᠤ ᠲᠤᠢ᠌ᠯ ᠤᠨ ᠭᠢᠯᠪᠠᠷ ᠳᠦᠭᠦᠮ᠂ ᠭᠡᠨ ᠪᠦᠭᠦᠨ ᠤ ᠮᠡᠳᠡᠭᠡᠵᠢ ᠶᠢᠨ ᠣᠴᠢᠷ ᠮᠠᠳᠤ᠃ ᠳᠠᠷᠠ ᠮᠦᠷᠳᠡᠭᠡᠨ ᠡᠢ᠌ᠮᠦᠷᠭᠦ ᠨᠢᠯᠬᠠᠰᠠᠭ ᠠᠰᠠᠭᠤᠯᠳᠠ ᠶᠢ ᠳᠤᠷᠠᠳᠬᠤ ᠴᠢᠬᠤᠯᠠ ᠣᠭᠳᠤ ᠪᠠᠢ᠌ᠬᠤ ᠦᠭᠡᠶ ᠭᠡᠵᠤ ᠭᠦᠮᠦᠰ ᠲᠤ ᠪᠣᠳᠤᠭᠳᠠᠭᠤᠯᠬᠤ ᠳᠤ ᠴᠤ ᠭᠦᠷᠤᠨ᠎ᠡ᠃ ᠭᠡᠳᠡᠯ᠎ᠡ ᠪᠣᠳᠠᠳᠤ ᠠᠮᠢᠳᠤᠷᠠᠯ ᠤᠨ ᠳᠤᠮᠳᠠ 《ᠡᠷᠳᠡᠨᠢ》 ᠭᠡᠮᠡᠭ᠍ᠴᠢ ᠶᠢ ᠭᠡᠮᠵᠢᠨ ᠳᠤᠭᠳᠠᠭᠠᠬᠤ ᠭᠡᠮᠵᠢᠭᠦᠷ ᠪᠠᠷᠢᠮᠵᠢᠶ᠎ᠠ ᠨᠢ ᠠᠳᠠᠯᠢ ᠪᠣᠰᠤ ᠡᠴᠠ ᠪᠣᠯᠵᠤ ᠡᠷᠳᠡᠨᠢ ᠶᠢᠨ ᠳᠦᠷᠤᠯ ᠵᠣᠢ᠌ᠯ ᠪᠣᠶᠤ ᠣᠯᠠᠨ ᠴᠥᠭᠡᠨ ᠭᠢᠭᠡᠳ ᠴᠢᠬᠤᠯᠠᠴᠢᠯᠠᠭ᠎ᠠ ᠨᠢ ᠴᠤ ᠠᠳᠠᠯᠢ ᠪᠣᠰᠤ ᠪᠠᠢ᠌ᠳᠠᠭ᠃

《ᠡᠷᠳᠡᠨ ᠤ ᠦᠶ᠎ᠡ ᠳᠤ ᠭᠦᠷᠳᠤ᠂ ᠴᠢᠠᠳᠠᠮᠤᠨᠢ᠂ ᠬᠠᠳᠤᠨ᠂ ᠨᠤᠶᠠᠨ᠂ ᠲᠦᠰᠢᠮᠠᠯ᠂ ᠮᠤᠷᠢ᠂ ᠪᠠᠭᠠᠳᠤᠷ ᠵᠡᠷᠭᠡ ᠶᠢ ᠳᠦᠷᠤ ᠶᠢᠨ ᠳᠤᠯᠤᠭᠠᠨ ᠡᠷᠳᠡᠨᠢ ᠭᠡᠮᠡᠳᠡᠭ᠌》 (ᠪᠠ᠊·ᠭᠡᠷᠡᠯᠳᠤ᠄ 《ᠨᠢᠳᠤᠨ ᠢ ᠪᠠᠶᠠᠰᠬᠠᠬᠤᠢ ᠰᠤᠪᠣᠤᠨ ᠤᠨ ᠣᠠᠵᠢᠯᠭ᠎ᠠ》)᠃ 《ᠭᠦᠷᠳᠤ ᠡᠷᠳᠡᠨᠢ》 ᠭᠡᠮᠡᠭᠦ ᠰᠢᠯᠦᠭ᠌ ᠲᠤ᠄

《ᠳᠠᠩᠰᠤᠭ ᠽᠠᠠᠪᠣ ᠊᠊᠊᠊᠊᠊᠊᠊᠊᠊᠊᠊᠊᠊᠊ ᠭᠠᠯᠪᠠᠷᠠᠭᠴᠠ ᠮᠤᠳᠤᠨ ᠤ ᠦᠵᠡᠰᠭᠦᠯᠡᠩᠳᠤ ᠰᠠᠯᠠᠭ᠎ᠠ ᠪᠠᠷ

ᠳᠠᠪᠤᠨ ᠵᠠᠭᠤᠨ ᠠᠯᠳᠠᠨ ᠭᠡᠭᠡᠰᠤ ᠶᠢ ᠰᠠᠢ᠌ᠳᠤᠷ ᠵᠤᠬᠢᠶᠠᠭᠰᠠᠨ

ᠬᠤᠶᠠᠳᠤᠭᠠᠷ ᠨᠠᠷᠠᠨ ᠮᠠᠳᠤ ᠪᠠᠳᠠᠷᠠᠩᠭ᠋ᠤᠢ ᠶᠡᠭᠡ ᠭᠦᠷᠤᠨ ᠵᠢᠠᠷ

ᠪᠣᠮᠠᠨ ᠪᠠᠷ᠎ᠠ ᠶᠢᠨ ᠭᠠᠵᠠᠷ ᠢ ᠡᠳᠦᠷ ᠲᠤ ᠳᠤᠪᠴᠢᠯᠠᠮᠤ᠃

ᠳᠡᠭᠡᠳᠤ ᠣᠭᠳᠠᠷᠭᠤᠢ ᠶᠢᠨ ᠬᠤᠳᠠᠯᠠ ᠮᠦᠷ ᠢ ᠵᠢᠭᠤᠯᠴᠢᠯᠠᠨ ᠣᠳᠤᠭᠤᠯᠬᠤ

ᠭᠦᠷᠳᠤ ᠡᠷᠳᠡᠨᠢ ᠡᠷᠭᠦᠭ᠍ᠰᠡᠨ ᠳᠠᠷᠠ ᠭᠦ ᠪᠣᠶᠠᠨ ᠤ ᠭᠦᠴᠤᠨ ᠵᠢᠠᠷ

ᠭᠦᠮᠤᠨ ᠠᠮᠢᠳᠠᠨ ᠣᠷᠴᠢᠯᠠᠩ ᠤᠨ ᠡᠷᠭᠡ ᠶᠢ ᠪᠦᠳᠦᠭᠡᠭᠦ ᠪᠣᠯᠳᠤᠭᠠᠢ》 (3) ᠭᠡᠮᠡᠨ ᠰᠢᠯᠦᠭᠯᠡᠳᠡᠭ᠌᠃ ᠬᠠᠳᠤᠨ ᠡᠷᠳᠡᠨᠢ ᠭᠡᠮᠡᠭᠦ ᠰᠢᠯᠦᠭ᠌ ᠲᠤ᠄

《ᠠᠷᠢᠭᠤᠨ ᠴᠢᠭᠡᠴᠢ ᠦᠵᠡᠰᠭᠦᠯᠡᠩ ᠭᠤᠸ᠎ᠠ ᠪᠦᠰᠡᠭᠦᠢ ᠪᠠᠶ᠎ᠠ ᠶᠢᠨ ᠴᠤᠭᠴᠠᠰ

ᠠᠮᠠᠨ ᠭᠢᠭᠡᠳ ᠪᠠᠶ᠎ᠠ ᠡᠴᠠ ᠰᠠᠢ᠌ᠬᠠᠨ ᠦᠨᠦᠷ ᠠᠩᠭᠢᠯᠤᠭᠰᠠᠨ

ᠭᠦᠷᠦᠯᠴᠡᠭᠦᠢ ᠪᠠᠷ ᠭᠡᠨ ᠪᠦᠭᠦᠨ᠎ᠡ ᠠᠮᠤᠭᠤᠯᠠᠩ ᠤᠨ ᠳᠡᠭᠡᠳᠤ ᠶᠢ ᠡᠳ᠋ᠯᠡᠭᠦᠯᠦᠭ᠍ᠰᠡᠨ

ᠭᠦᠮᠤᠨ ᠤ ᠶ‍ᠢᠷᠳᠢᠠᠴᠤ ᠶᠢᠨ ᠦᠯᠤᠰᠴᠤ ᠣᠮᠳᠠᠭᠠᠰᠬᠤ ᠵᠤᠪᠠᠯᠠᠩ ᠢ ᠠᠨᠤ ᠠᠷᠢᠯᠭᠠᠮᠤ᠁》 ᠭᠡᠵᠤ ᠭᠠᠷᠳᠠᠭ᠃ ᠳᠡᠳᠡᠭᠡᠷ 《ᠳᠤᠯᠤᠭᠠᠨ ᠡᠷᠳᠡᠨᠢ ᠶᠢᠨ ᠮᠠᠭᠳᠠᠭᠠᠯ》 ᠰᠢᠯᠦᠭ᠌ ᠤᠨ ᠠᠭᠤᠯᠭ᠎ᠠ ᠡᠴᠠ ᠦᠵᠡᠭᠦ ᠳᠤ 《ᠳᠤᠯᠤᠭᠠᠨ ᠡᠷᠳᠡᠨᠢ》 ᠨᠢ ᠡᠷᠳᠡᠨᠢ ᠪᠣᠯᠵᠤ ᠴᠢᠳᠠᠭᠰᠠᠨ ᠤ ᠬᠠᠮᠤᠭ ᠤᠨ ᠭᠤᠤᠯ ᠪᠣᠯᠬᠤ ᠰᠢᠯᠳᠠᠭᠠᠨ ᠨᠢ ᠳᠡᠳᠡᠭᠡᠷ ᠡᠷᠳᠡᠨᠢ ᠶᠢᠨ ᠪᠣᠰᠤᠳ ᠵᠣᠢ᠌ᠯ ᠤᠨ ᠪᠣᠳᠠᠰ ᠶᠠᠭᠤᠮ᠎ᠠ ᠪᠠᠷ ᠣᠷᠤᠯᠠᠭᠤᠯᠵᠤ ᠪᠣᠯᠤᠰᠢ ᠦᠭᠡᠶ 《ᠭᠡᠷᠡᠭ᠍ᠴᠡᠭᠡ》 ᠡᠴᠠ ᠪᠠᠨ ᠪᠣᠯᠤᠭᠰᠠᠨ ᠪᠠᠢ᠌ᠳᠠᠭ᠃ ᠳᠠᠢ᠌ᠮᠤ ᠡᠴᠠ᠂ ᠭᠡᠷᠡᠭ᠍ᠴᠡᠭᠡᠨ ᠤ ᠦᠷᠳᠡᠭ᠌ ᠤᠨ ᠦᠵᠠᠯᠳᠠ ᠡᠴᠠ ᠠᠪᠴᠤ ᠭᠡᠯᠡᠪᠠᠯ 《ᠡᠷᠳᠡᠨᠢ ᠭᠡᠳᠡᠭ᠌ ᠪᠣᠯ ᠭᠡᠷᠡᠭ᠍ᠴᠡᠭᠡ ᠲᠡᠶ ᠶᠠᠭᠤᠮ᠎ᠠ ᠶᠢ ᠭᠡᠯᠡᠵᠤ ᠪᠠᠢ᠌ᠨ᠎ᠠ》 (ᠪᠣᠤ ᠴᠢᠩᠭ᠎ᠠ)᠃ ᠭᠡᠷᠡᠭ᠍ᠴᠡᠭᠡ ᠳᠤ ᠪᠣᠳᠠᠰ ᠤᠨ ᠭᠡᠷᠡᠭ᠍ᠴᠡᠭᠡ᠂ ᠣᠶᠤᠨ ᠰᠠᠨᠠᠭᠠᠨ ᠤ ᠭᠡᠷᠡᠭ᠍ᠴᠡᠭᠡ᠂ ᠭᠤᠸ᠎ᠠ ᠳᠠᠭᠠᠰᠢᠶᠠᠯ ᠤᠨ ᠭᠡᠷᠡᠭ᠍ᠴᠡᠭᠡ᠂ ᠠᠮᠢ ᠨᠠᠰᠤᠨ ᠤ ᠭᠡᠷᠡᠭ᠍ᠴᠡᠭᠡ᠁ ᠭᠡᠵᠤ ᠣᠯᠠᠨ ᠵᠣᠢ᠌ᠯ ᠪᠠᠢ᠌ᠳᠠᠭ᠃ ᠭᠡᠳᠦᠢ ᠦᠴᠦᠭᠡᠨ ᠵᠢᠵᠢᠭ᠌ ᠶᠠᠯᠢᠮ ᠦᠭᠡᠶ ᠵᠣᠢ᠌ᠯ ᠴᠤ ᠭᠡᠰᠡᠨ ᠭᠡᠷᠡᠭ᠍ᠴᠡᠭᠡ ᠲᠡᠶ ᠦᠶ᠎ᠡ ᠳᠡᠭᠡᠨ ᠦᠨ᠎ᠡ ᠳᠤ ᠣᠷᠤᠳᠠᠭ᠃ ᠳᠠᠢ᠌ᠮᠤ ᠡᠴᠠ ᠰᠠ‍‌ᠶᠢ 《ᠭᠡᠷᠡᠭᠯᠡᠭᠦ ᠦᠶ᠎ᠡ ᠳᠤ ᠭᠡᠷᠢᠶᠡᠨ ᠦᠳᠦ ᠲᠦᠮᠡᠨ ᠯᠠᠩ ᠡ》 ᠭᠡᠭᠦ ᠵᠣᠢ᠌ᠷ ᠰᠠᠴᠠᠨ ᠥᠭᠡ ᠳᠦᠷᠦᠭ᠍ᠳᠡᠭ᠍ᠰᠡᠨ ᠪᠠᠢ᠌ᠳᠠᠭ᠃ ᠠᠯᠳᠠ ᠭᠡᠳᠦᠢ ᠰᠠᠢ᠌ᠨ ᠰᠠᠢ᠌ᠬᠠᠨ ᠪᠣᠯᠪᠠᠴᠤ ᠠᠮᠤ ᠪᠣᠳᠠᠭ᠎ᠠ ᠤ ᠣᠷᠤᠨ ᠳᠤ ᠢᠳᠠᠵᠤ ᠭᠡᠷᠭᠢᠨ ᠪᠣᠯᠬᠤ ᠪᠣᠢ᠂ ᠠᠷᠭᠠᠯ ᠤᠨ ᠣᠷᠤᠨ ᠳᠤ ᠰᠢᠳᠠᠭᠠᠵᠤ ᠭᠡᠷᠭᠢᠨ ᠪᠣᠯᠬᠤ ᠪᠣᠢ᠂ ᠣᠰᠤᠨ ᠤ ᠣᠷᠤᠨ ᠳᠤ ᠣᠤᠭᠤᠵᠤ ᠶᠠᠭᠠᠭᠢᠨ ᠪᠣᠯᠬᠤ ᠪᠣᠢ᠂ ᠭᠡᠷᠢᠶᠡᠨ ᠦᠳᠦ ᠶᠢᠨ ᠣᠷᠤᠨ ᠳᠤ ᠵᠠᠷᠤᠵᠤ ᠮᠦᠨ ᠶᠠᠭᠠᠭᠢᠨ ᠪᠣᠯᠬᠤ ᠪᠣᠢ᠃

ᠦᠨᠡᠨ ᠡᠷᠳᠡᠨᠢ ᠳᠤ ᠦᠨ᠎ᠡ ᠬᠠᠩᠰᠢ ᠪᠠᠢ᠌ᠳᠠᠭ ᠦᠭᠡᠶ᠃ 《ᠴᠢᠠᠳᠠᠮᠤᠨᠢ ᠡᠷᠳᠡᠨᠢ》 ᠭᠡᠭᠦ ᠳᠠᠭᠤᠤ ᠳᠤ᠄ 《ᠨᠠᠷᠠ ᠰᠠᠷᠠ ᠣᠳᠤᠨ ᠮᠠᠴᠢᠳ ᠶᠠᠭᠤ ᠪᠣᠢ ︖ ᠴᠢᠠᠳᠠᠮᠤᠨᠢ ᠡᠷᠳᠡᠨᠢ᠃ ᠨᠠᠪᠴᠢ ᠴᠡᠴᠡᠭ᠌ ᠵᠢᠮᠢᠰ ᠭᠤᠷᠪᠠ ᠶᠠᠭᠤ ᠪᠣᠢ ︖ ᠴᠢᠠᠳᠠᠮᠤᠨᠢ ᠡᠷᠳᠡᠨᠢ᠃ ᠠᠪᠣ ᠡᠵᠢ ᠪᠢᠳᠠᠨ ᠭᠤᠷᠪᠠ ᠶᠠᠭᠤ ᠪᠣᠢ ︖ ᠴᠢᠠᠳᠠᠮᠤᠨᠢ ᠡᠷᠳᠡᠨᠢ》 ᠭᠡᠵᠤ ᠳᠠᠭᠤᠯᠠᠳᠠᠭ᠃ ᠡ᠊ᠨᠳᠡ ᠨᠠᠷᠠ ᠰᠠᠷᠠ ᠣᠳᠤ ᠨᠢ ᠳᠡᠭ᠍ᠷᠢ ᠶᠢ ᠲᠦᠯᠦᠭᠡᠯᠡᠵᠤ᠂ ᠨᠠᠪᠴᠢ ᠴᠡᠴᠡᠭ᠌ ᠵᠢᠮᠢᠰ ᠨᠢ ᠪᠦᠮᠪᠦᠷᠴᠡᠭ᠌ ᠪᠣᠶᠤ ᠭᠠᠵᠠᠷ ᠣᠰᠤ ᠶᠢᠨ ᠰᠢᠮ᠎ᠠ ᠪᠠᠷ ᠣᠷᠭᠤᠳᠠᠭ ᠪᠦᠭᠦᠢᠯᠡ ᠣᠷᠭᠤᠮᠠᠯ ᠢ ᠲᠦᠯᠦᠭᠡᠯᠡᠵᠤ᠂ ᠠᠪᠣ ᠡᠵᠢ ᠪᠢᠳᠠ ᠨᠢ ᠳᠡᠭ᠍ᠷᠢ ᠭᠠᠵᠠᠷ ᠤᠨ ᠳᠤᠮᠳᠠᠭᠢ ᠭᠦᠮᠤᠨ ᠢ ᠳᠤᠰ ᠳᠤᠰ ᠲᠦᠯᠦᠭᠡᠯᠡᠭ᠍ᠰᠡᠨ ᠪᠠᠢ᠌ᠳᠠᠭ᠃ ᠡ᠊ᠨᠳᠡ ᠡᠴᠠ ᠪᠢᠳᠠ ᠵᠤᠭᠤᠰ ᠪᠣᠯ ᠡᠷᠳᠡᠨᠢ ᠶᠢ ᠭᠡᠮᠵᠢᠭᠦ ᠴᠤᠷ ᠤᠨ ᠭᠠᠭᠴᠠ ᠪᠠᠷᠢᠮᠵᠢᠶ᠎ᠠ ᠣᠭᠳᠤ ᠪᠢᠰᠢ ᠭᠡᠳᠡᠭ᠌ ᠢ ᠣᠯᠠᠮ ᠨᠢᠭᠡ ᠠᠯᠬᠤᠮ ᠳᠤᠳᠤᠷᠬᠠᠢ ᠣᠯᠵᠤ ᠬᠠᠷᠠᠨ᠎ᠠ᠃ ᠡᠳᠡᠭᠡᠷ ᠶ‍ᠢᠰᠤᠨ ᠡᠷᠳᠡᠨᠢ ᠪᠣᠯ ᠦᠨ᠎ᠡ ᠬᠠᠩᠰᠢ ᠦᠭᠡᠶ ᠡᠷᠳᠡᠨᠢ ᠮᠦᠨ᠃ ᠦᠨ᠎ᠡ ᠬᠠᠩᠰᠢ ᠦᠭ‍ᠭᠦ ᠶᠢᠨ ᠠᠷᠭ᠎ᠠ ᠦᠭᠡᠶ ᠡᠷᠳᠡᠨᠢ ᠠᠮᠢᠳᠤᠷᠠᠯ ᠳᠠᠩᠳᠠ ᠪᠠᠨ ᠲᠤᠬᠢᠶᠠᠯᠳᠤᠳᠠᠭ᠃

ᠡᠩ ᠤᠨ ᠣᠢ᠌ᠯᠠᠭᠠᠯᠳᠠ ᠳ᠋ᠠᠭᠢ ᠡᠷᠳᠡᠨᠢ ᠪᠣᠯ ᠪᠦᠷ ᠨᠢᠳᠤᠨ ᠳᠤ ᠦᠵᠡᠭ᠍ᠳᠡᠳᠡᠭ᠌ ᠭᠠᠷ ᠲᠤ ᠪᠠᠷᠢᠭᠳᠠᠳᠠᠭ ᠪᠣᠳᠠᠳᠠᠢ ᠪᠣᠳᠠᠰ ᠪᠠᠶ᠎ᠠ ᠪᠣᠶᠤ ᠠᠮᠢᠳᠠᠨ ᠶᠤᠮ᠃ ᠭᠡᠳᠡᠯ᠎ᠡ ᠵᠠᠷᠢᠮ ᠡᠷᠳᠡᠨᠢ ᠨᠢ ᠨᠢᠳᠤᠨ ᠳᠤ ᠦᠵᠡᠭ᠍ᠳᠡᠵᠤ ᠭᠠᠷ ᠲᠤ ᠪᠠᠷᠢᠭᠳᠠᠳᠠᠭ ᠦᠭᠡᠶ᠃ ᠵᠢᠱᠢᠶᠠᠯᠠᠪᠠᠯ᠄ ᠠᠭᠠᠷ᠂ ᠭᠦᠴᠢᠯᠳᠦᠷᠦᠭ᠍ᠴᠢ᠁ ᠮᠠᠳᠤ ᠶᠢᠨ ᠭᠡᠢ ᠪᠠᠶᠠᠳᠤ᠃ ᠡᠭᠦᠨ ᠡᠴᠠ ᠭᠠᠳᠠᠨ᠎ᠠ ᠭᠦᠮᠤᠨ ᠤ ᠣᠶᠤᠨ ᠰᠠᠨᠠᠭᠠᠨ ᠤ ᠶ‍ᠢᠷᠳᠢᠠᠴᠤ ᠳᠤ ᠨᠠᠩ ᠴᠤ ᠦᠨᠡᠯᠠᠰᠢ ᠦᠭᠡᠶ ᠦᠨᠡᠨ ᠡᠷᠳᠡᠨᠢ ᠪᠠᠢ᠌ᠳᠠᠭ᠃ ᠠᠮᠢ ᠨᠠᠰᠤᠨ ᠤ ᠪᠠᠷᠢᠮᠵᠢᠶ᠎ᠠ ᠡᠴᠠ ᠠᠪᠴᠤ ᠭᠡᠯᠡᠪᠠᠯ ᠠᠭᠠᠷ (ᠪᠣᠶᠤ ᠭᠦᠴᠢᠯᠳᠦᠷᠦᠭ᠍ᠴᠢ) ᠪᠣᠯ ᠠᠮᠢ ᠨᠠᠰᠤᠨ ᠡᠴᠠ ᠬᠠᠮᠤᠭ ᠤᠨ ᠤᠢ᠌ᠷ᠎ᠡ᠂ ᠠᠮᠢᠨ ᠡᠷᠳᠡᠨᠢ ᠪᠣᠯᠳᠠᠭ᠃ ᠳᠡᠭᠦᠨ ᠳᠤ ᠭᠡᠨ ᠴᠤ ᠵᠤᠭᠤᠰ ᠤᠨ ᠦᠨ᠎ᠡ ᠬᠠᠩᠰᠢ ᠥᠭ᠍ᠴᠤ ᠴᠢᠳᠠᠳᠠᠭ ᠦᠭᠡᠶ ︕ ᠭᠡᠳᠡᠯ᠎ᠡ ᠳᠠᠷᠠ ᠣᠷᠤᠰᠢᠳᠠᠭ ᠪᠦᠭᠡᠳ ᠪᠦᠭᠦᠢᠯᠡ ᠠᠮᠢ ᠣᠷᠤᠰᠢᠬᠤᠢ ᠶᠢᠨ ᠨᠢᠭᠡᠨ ᠪᠠᠳᠤ ᠰᠠᠭᠤᠷᠢ ᠪᠣᠯᠵᠤ ᠪᠠᠢ᠌ᠳᠠᠭ᠃ ᠴᠤᠬᠤᠮ ᠠᠯᠳᠠ ᠡᠷᠳᠡᠨᠢ ᠶᠤᠮ ᠦᠦ᠂ ᠠᠭᠠᠷ ᠡᠷᠳᠡᠨᠢ ᠶᠤᠮ ᠦᠦ ︖ ᠮᠡᠳᠡᠭᠡᠵᠢ ᠪᠠᠷ᠂ ᠠᠭᠠᠷ ᠠᠯᠳᠠ ᠰᠢᠭ᠌ ᠴᠤᠬᠠᠭ ᠪᠢᠰᠢ ᠪᠣᠯᠬᠤᠷ ᠭᠦᠮᠦᠰ ᠬᠠᠢ᠌ᠷᠠᠯᠠᠵᠤ ᠬᠠᠮᠠᠭᠠᠯᠠᠬᠤ ᠪᠠᠨ ᠣᠮᠠᠷᠳᠠᠭᠠᠤᠨ ᠪᠠᠢ᠌ᠳᠠᠭ᠃ ᠠᠭᠠᠷ ᠭᠡᠷᠪᠡ ᠪᠣᠵᠠᠷᠳᠠᠳᠠᠭ ᠪᠣᠯ ᠠᠯᠳᠠ ᠲᠡᠶ ᠪᠣᠯᠤᠯ᠎ᠠ ᠭᠡᠳ ᠶᠠᠭᠠᠭᠢᠬᠤ ᠴᠤ ᠶᠤᠮ ᠪᠢᠯᠠ ︖ ᠠᠭᠠᠷ ᠢ ᠶᠠᠮᠠᠷ ᠲᠠᠭᠠᠨ ᠯᠠᠩ ᠳᠤᠨ ᠶᠢᠡᠷ ᠬᠤᠳᠠᠯᠳᠤᠵᠤ ᠠᠪᠴᠤ ᠪᠣᠯᠬᠤ ᠶᠠᠭᠤᠮ᠎ᠠ ᠪᠢᠰᠢ᠃ ᠡᠨᠡ ᠮᠠᠳᠤ ᠪᠠᠷ ᠪᠢᠳᠠ ᠠᠮᠢ ᠨᠠᠰᠤᠨ ᠤ ᠪᠠᠷᠢᠮᠵᠢᠶ᠎ᠠ ᠪᠠᠷ ᠡᠷᠳᠡᠨᠢ ᠭᠡᠭ᠍ᠴᠢ ᠳᠤ ᠣᠬᠠᠭᠳᠠᠬᠤᠨ ᠳᠤᠭᠳᠠᠭᠠᠬᠤ ᠳᠤ ᠭᠦᠷᠪᠠᠯ ᠳᠠᠷᠠ ᠨᠢ ᠵᠤᠭᠤᠰ ᠮᠦᠩᠭᠦᠨ ᠡᠴᠠ ᠶᠡᠭᠡ ᠯᠠ ᠣᠠᠳᠤᠤ ᠣᠠᠴᠠᠯᠢᠭ ᠲᠡᠶ᠃ ᠠᠮᠢ ᠨᠠᠰᠤᠨ ᠤ ᠳᠤᠰ ᠪᠠᠶ᠎ᠠ ᠨᠢ ᠳᠠᠷᠤᠢ ᠵᠤᠭᠤᠰ ᠮᠦᠩᠭᠦ ᠪᠠᠷ ᠰᠤᠯᠢᠰᠢ ᠦᠭᠡᠶ ᠠᠮᠢᠳᠤ ᠡᠷᠳᠡᠨᠢ ᠮᠦᠨ ︕

ᠦᠨᠡᠨ ᠡᠷᠳᠡᠨᠢ ᠦᠵᠡᠭ᠍ᠳᠡᠳᠡᠭ᠌ ᠦᠭᠡᠶ᠃ ᠣᠴᠢᠷ ᠨᠢ᠂ ᠨᠠᠩ ᠴᠢᠬᠤᠯᠠ ᠦᠨᠡᠨ ᠡᠷᠳᠡᠨᠢ ᠨᠢ ᠭᠦᠮᠤᠨ ᠤ ᠳᠤᠳᠤᠭᠠᠳᠤ ᠶ‍ᠢᠷᠳᠢᠠᠴᠤ ᠳᠤ᠂ ᠭᠦᠮᠤᠨ ᠤ ᠣᠶᠤᠨ ᠰᠠᠨᠠᠭᠠᠨ ᠳᠤ ᠨᠢᠭᠤᠭᠳᠠᠵᠤ ᠪᠠᠢ᠌ᠳᠠᠭ᠃ ᠣᠶᠤᠨ ᠣᠬᠠᠭᠠᠨ ᠤ ᠪᠠᠷᠢᠮᠵᠢᠶ᠎ᠠ ᠪᠣᠯ ᠡᠷᠳᠡᠨᠢ ᠶᠢ ᠭᠡᠮᠵᠢᠭᠦ ᠨᠠᠩ ᠳᠡᠭᠡᠳᠤ ᠭᠡᠮᠵᠢᠭᠦᠷ ᠪᠠᠷᠢᠮᠵᠢᠶ᠎ᠠ ᠪᠠᠢ᠌ᠬᠤ ᠣᠴᠢᠷᠳᠠᠢ᠃ 《ᠭᠦᠴᠤ ᠪᠠᠷ ᠵᠠᠭᠤᠨ ᠵᠢᠩ ᠢ ᠠᠷᠭ᠎ᠠ ᠪᠠᠷ ᠲᠦᠮᠡᠨ ᠵᠢᠩ ᠢ ᠡᠷᠭᠦᠳᠡᠭ᠌》 ᠭᠡᠳᠡᠭ᠌ ᠶᠤᠮ᠃ ᠰᠤᠷᠤᠭᠰᠠᠨ ᠡᠷᠳᠡᠮ ᠢ ᠬᠤᠳᠠᠯᠳᠤᠭᠠᠴᠢᠨ ᠬᠤᠳᠠᠯᠳᠤᠨ ᠠᠪᠠᠴᠢᠵᠤ ᠴᠢᠳᠠᠬᠤ ᠦᠭᠡᠶ᠃ ᠬᠤᠯᠠᠭᠠᠢ᠌ᠴᠢ ᠬᠤᠯᠠᠭᠠᠢ᠌ᠯᠠᠵᠤ ᠠᠪᠴᠤ ᠴᠢᠳᠠᠬᠤ ᠦᠭᠡᠶ᠃ ᠳᠡᠭᠡᠷᠡᠮ ᠪᠣᠯᠢᠶᠠᠵᠤ ᠮᠡᠭᠡᠯᠡᠵᠤ ᠴᠢᠳᠠᠬᠤ ᠦᠭᠡᠶ᠃ ᠡᠷᠳᠡᠨ ᠡᠴᠠ ᠠᠪᠣᠭᠠᠤᠨ ᠡᠷᠳᠡᠮ ᠲᠡᠶ ᠭᠦᠮᠤᠨ ᠳᠦᠷᠤ ᠶᠢ ᠵᠠᠰᠠᠵᠤ ᠲᠦᠮᠡᠨ ᠢ ᠣᠳᠤᠷᠢᠳᠳᠠᠭ᠃ ᠡᠷᠳᠡᠮ ᠢ ᠳᠡᠭᠡᠵᠢᠯᠡᠳᠡᠭ᠌ ᠨᠢ ᠮᠦᠨ ᠴᠤ ᠮᠠᠨ ᠤ ᠮᠤᠩᠭ᠋ᠤᠯ ᠤᠨ ᠣᠯᠠᠮᠵᠢᠯᠠᠯᠳᠤ ᠰᠠᠢ᠌ᠬᠠᠨ ᠵᠠᠩ ᠰᠤᠷᠳᠠᠯ ᠪᠣᠯᠬᠤᠷ 《ᠭᠡᠭᠡᠷ᠎ᠡ ᠶᠢᠨ ᠭᠠᠯᠠᠭᠤ ᠨᠢᠰᠦᠭᠡᠳ ᠭᠦᠷᠭᠦ ᠦᠭᠡᠶ ᠭᠠᠵᠠᠷ ᠡᠴᠠ᠂ ᠭᠦᠮᠤᠨ ᠤ ᠭᠦᠤ ᠡᠷᠳᠡᠨᠢ ᠡᠪᠦᠷᠳᠦᠯᠡᠵᠤ ᠬᠠᠷᠢᠨ᠎ᠠ》 ᠭᠡᠮᠡᠨ ᠬᠤᠯᠠ ᠶᠠᠪᠣᠵᠤ ᠡᠷᠳᠡᠮ ᠨᠤᠮ ᠤᠨ ᠮᠦᠷ ᠭᠦᠭᠡᠭᠡᠳᠡᠭ᠌᠃ ᠭᠡᠭᠦ ᠳᠤ᠂ ᠡᠷᠭᠡ ᠵᠢᠷᠭᠠᠯ ᠤᠨ ᠮᠦᠷ ᠴᠤ ᠵᠤᠷᠠᠢ᠌ᠳᠠᠭ᠃ ᠠᠷᠭ᠎ᠠ ᠣᠬᠠᠭᠠᠨ᠂ ᠣᠢ ᠪᠢᠯᠢᠭ᠌᠂ ᠢᠳᠡᠭᠡᠯ ᠵᠤᠷᠢᠭ᠂ ᠨᠥᠭᠦᠷᠯᠡᠯ᠂ ᠡᠷᠳᠡᠮ ᠮᠡᠳᠡᠯᠭᠡ ᠁ ᠊ᠤᠨ ᠠᠯᠢ ᠨᠢ ᠡᠷᠳᠡᠨᠢ ᠪᠢᠰᠢ ᠪᠣᠢ ︖ ᠠᠯᠳᠠ ᠨᠢᠭᠡ ᠯᠠᠩ ᠠᠷᠭ᠎ᠠ ᠲᠦᠮᠡᠨ ᠯᠠᠩ ᠡ᠃

ᠭᠦᠮᠤᠨ ᠭᠢᠭᠡᠳ ᠭᠦᠮᠤᠨ ᠤ ᠬᠤᠭᠤᠷᠤᠠᠳᠤ᠂ ᠭᠦᠮᠤᠨ ᠭᠢᠭᠡᠳ ᠪᠠᠢ᠌ᠭᠠᠯᠢ ᠳᠡᠯᠡᠭᠡᠢ ᠶᠢᠨ ᠬᠤᠭᠤᠷᠤᠠᠳᠤ᠂ ᠭᠦᠮᠤᠨ ᠭᠢᠭᠡᠳ ᠣᠯᠤᠰ ᠨᠡᠢ᠌ᠭᠡᠮ ᠤᠨ ᠬᠤᠭᠤᠷᠤᠠᠳᠤ ᠳᠡᠳᠡᠭᠡᠷ ᠢ ᠵᠤᠭᠢᠴᠠᠭᠤᠯᠵᠤ ᠪᠠᠢ᠌ᠭ᠎ᠠ᠂ ᠬᠤᠯᠪᠤᠨ ᠨᠡᠪᠳᠡᠷᠡᠭᠦᠯᠵᠤ ᠪᠠᠢ᠌ᠭ᠎ᠠ ᠪᠠᠰᠠ ᠴᠢᠬᠤᠯᠠ ᠴᠢᠬᠤᠯᠠ ᠡᠷᠳᠡᠨᠢ ᠪᠠᠢ᠌ᠳᠠᠭ᠃ ᠬᠠᠢ᠌ᠷ᠎ᠠ ᠶᠢᠨ ᠪᠠᠷᠢᠮᠵᠢᠶ᠎ᠠ ᠡᠴᠠ ᠡᠷᠳᠡᠨᠢ ᠭᠡᠭ᠍ᠴᠢ ᠨᠢ ᠶᠠᠭᠤᠨ ᠪᠣᠢ ᠭᠡᠪᠠᠯ 《ᠬᠠᠢ᠌ᠷ᠎ᠠ ᠪᠣᠯ ᠳᠠᠷᠤᠢ ᠡᠷᠳᠡᠨᠢ ᠮᠦᠨ》 (ᠳᠤᠷᠤᠨᠠᠮᠦ᠋ᠴᠢᠷ)᠃ ᠬᠠᠢ᠌ᠷ᠎ᠠ ᠪᠣᠯ ᠠᠮᠢᠳᠤᠷᠠᠯ ᠠᠯᠢᠪᠠ ᠪᠦᠭᠦᠨ ᠤ ᠰᠠᠭᠤᠷᠢ ᠮᠦᠨ᠃ ᠬᠠᠢ᠌ᠷ᠎ᠠ ᠪᠠᠢ᠌ᠬᠤ ᠦᠭᠡᠶ ᠪᠣᠯ ᠠᠮᠢᠳᠤᠷᠠᠯ ᠴᠤ ᠪᠠᠢ᠌ᠵᠤ ᠴᠢᠳᠠᠬᠤ ᠦᠭᠡᠶ᠃ 《ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠳᠠᠭ》᠃ ᠬᠠᠢ᠌ᠷ᠎ᠠ ᠪᠣᠯ ᠠᠮᠢ ᠠᠮᠢᠳᠤᠷᠠᠯ ᠠᠯᠢᠪᠠ ᠪᠦᠭᠦᠨ ᠤ ᠲᠥᠪ ᠮᠦᠨ ︕ ᠬᠠᠢ᠌ᠷ᠎ᠠ ᠪᠣᠯ ᠵᠣᠢ᠌ᠷᠯᠠᠰᠢ ᠦᠭᠡᠶ ᠦᠨᠢ ᠮᠥᠩᠭᠡ ᠶᠢᠨ ᠡᠷᠳᠡᠨᠢ ᠮᠦᠨ᠃


        ᠭᠤᠷᠪᠠ᠂ 《ᠭᠦᠮᠤᠨ ᠡᠷᠳᠡᠨᠢ》


ᠦᠪᠡᠷ ᠮᠠᠨ ᠤ ᠪᠠᠶᠠᠰ ᠢ ᠳᠤᠭᠤᠷᠢᠭᠠᠤᠨ ᠳᠤᠭ᠎ᠠ ᠳᠤᠮᠰᠢ ᠦᠭᠡᠶ ᠤᠯᠡᠨ ᠡᠷᠳᠡᠨᠢ ᠪᠠᠢ᠌ᠳᠠᠭ᠃ ᠭᠡᠪᠠᠴᠤ ᠡᠷᠳᠡᠨᠢ ᠶᠢ ᠭᠦᠮᠤᠨ ᠡᠷᠳᠡᠨᠢ ᠭᠡᠮᠡᠨ ᠣᠯᠵᠤ ᠳᠠᠨᠢᠬᠤ ᠦᠭᠡᠶ ᠦᠶ᠎ᠡ ᠳᠤ᠂ ᠡᠷᠳᠡᠨᠢ ᠭᠡᠮᠡᠨ ᠣᠨᠤᠵᠤ ᠢᠯᠡᠴᠢᠯᠡᠭᠦ ᠦᠭᠡᠶ ᠦᠶ᠎ᠡ ᠳᠤ᠂ ᠡᠷᠳᠡᠨᠢ ᠶᠢᠨ ᠣᠷᠤᠰᠢᠬᠤᠢ ᠨᠢ ᠳᠠᠯᠠᠭᠠᠷ ᠬᠤᠭᠤᠰᠤᠨ ᠭᠡᠷᠡᠭ᠌ ᠪᠣᠯᠬᠤ ᠳᠤ ᠭᠦᠷᠦᠨ᠎ᠡ᠃ ᠡᠷᠳᠡᠨᠢ ᠶᠢ ᠳᠠᠨᠢᠵᠤ ᠴᠢᠳᠠᠪᠠᠯ ᠰᠠ‍‌ᠶᠢ ᠡᠷᠳᠡᠨᠢ ᠶᠢ ᠡᠷᠳᠡᠨᠢ ᠭᠡᠮᠡᠨ ᠬᠠᠢ᠌ᠷᠠᠯᠠᠨ ᠭᠠᠮᠨᠠᠵᠤ᠂ ᠡᠷᠭᠢᠮᠨᠡᠨ ᠨᠠᠠᠳᠢᠩᠨᠠᠬᠤ ᠪᠣᠯᠤᠨ᠎ᠠ᠃ ᠦᠭᠡᠶ ᠶᠠᠭᠤᠮ᠎ᠠ ᠪᠣᠯ 《ᠡᠯᠵᠢᠭᠡᠨ ᠴᠢᠭᠢᠨ ᠳᠤ ᠠᠯᠳᠠ ᠭᠢᠪᠠᠴᠤ ᠰᠠᠵᠢᠬᠤ᠂ ᠠᠷᠭᠠᠯ ᠭᠢᠪᠠᠴᠤ ᠰᠠᠵᠢᠬᠤ》᠂ 《ᠮᠤᠤᠷ ᠲᠤ ᠡᠷᠳᠡᠨ ᠤ ᠵᠤᠭᠤᠰ ᠦᠭ‍ᠭᠦ》 (ᠶᠠᠫᠣᠨ ᠥᠭᠡ ᠡᠴᠠ) ᠭᠡᠷᠡᠭ᠌ ᠪᠣᠯᠬᠤ ᠳᠤ ᠭᠦᠷᠦᠨ᠎ᠡ᠃ ᠬᠠᠷᠰᠢ ᠰᠠᠭᠠᠤᠨ ᠪᠣᠶᠤ ᠭᠦᠴᠢᠷ ᠵᠤᠪᠠᠯᠠᠩ ᠨᠢ ᠭᠦᠮᠤᠨ ᠳᠤ ᠨᠢᠭᠡ ᠵᠣᠢ᠌ᠯ ᠤᠨ ᠰᠤᠷᠭᠠᠮᠵᠢ ᠥᠭ᠍ᠳᠡᠭ᠌ ᠶᠤᠰᠤᠨ ᠪᠣᠢ᠃ ᠭᠦᠮᠤᠨ ᠭᠡᠵᠤ ᠬᠠᠶᠠ ᠳᠠᠭᠠᠨ ᠥᠨᠡᠭᠡᠷ ᠰᠤᠨᠢᠨ ᠶᠤᠮ᠃ ᠵᠢᠱᠢᠶᠠᠯᠠᠪᠠᠯ᠄ ᠭᠦᠮᠤᠨ ᠬᠠᠶᠠ ᠴᠠᠶᠠ ᠨᠢᠭᠡ ᠳᠤᠯᠤᠭᠠᠢ ᠨᠢ ᠡᠪᠡᠳᠭᠦ ᠦᠭᠡᠶ ᠪᠣᠯ ᠳᠤᠯᠤᠭᠠᠢ ᠲᠡᠶ ᠭᠡᠳᠡᠭ᠌ ᠶᠢᠡᠨ ᠮᠠᠷᠳᠠᠴᠢᠬᠠᠬᠤ ᠰᠢᠭ᠌᠃ ᠳᠤᠯᠤᠭᠠᠢ ᠲᠡᠶ ᠭᠡᠳᠡᠭ᠌ ᠶᠢᠡᠨ ᠰᠠᠨᠠᠭᠠᠤᠨ ᠣᠯᠴᠢᠬᠠᠯ᠎ᠠ ᠴᠤ ᠭᠡᠰᠡᠨ᠂ ᠳᠤᠯᠤᠭᠠᠢ ᠨᠢ ᠳᠠᠷᠠ ᠴᠢᠭ᠌ ᠶᠢᠡᠷ ᠶᠢᠡᠨ ᠡᠷᠳᠡᠨᠢ ᠪᠠᠢ᠌ᠯ᠎ᠠ ᠭᠡᠭ᠍ᠴᠢ ᠶᠢ ᠣᠬᠠᠭᠠᠷᠠᠬᠤ ᠦᠭᠡᠶ ᠶᠤᠮ ᠰᠢᠭ᠌᠃ ᠳᠤᠯᠤᠭᠠᠢ᠂ ᠨᠢᠳᠤ᠂ ᠴᠢᠭᠢ᠂ ᠬᠠᠮᠠᠷ᠂ ᠭᠠᠷ᠂ ᠭᠦᠯ᠂ ᠭᠡᠳᠡᠰᠤ ᠬᠤᠳᠤᠭᠤᠳᠤ ᠁ ᠡᠴᠠ ᠠᠪᠣᠭᠠᠤᠨ ᠳᠠᠨ ᠤ ᠪᠠᠶ᠎ᠠ ᠳᠡᠭᠡᠷᠡᠭᠢ ᠶᠠᠭᠤᠨ ᠨᠢ ᠦᠨᠡᠯᠠᠰᠢ ᠦᠭᠡᠶ ᠡᠷᠳᠡᠨᠢ ᠪᠢᠰᠢ ᠶᠤᠮ ᠪᠣᠢ ︖ ᠲᠦᠮᠡᠨ ᠡᠷᠳᠡᠨᠢ ᠶᠢᠨ ᠳᠤᠳᠤᠷ᠎ᠠ ᠳᠦᠷᠦᠭᠦᠯᠦᠭ᠍ᠰᠡᠨ ᠡᠷᠳᠡᠨᠢ ᠨᠢ ᠭᠦᠮᠤᠨ ᠳᠠ ᠦᠪᠡᠷ ᠶᠢᠡᠨ ᠰᠢᠤ ᠳ᠋ᠠ ︕ ᠭᠦᠮᠤᠨ ᠭᠡᠳᠡᠭ᠌ ᠶᠠᠷᠤ ᠨᠢ ᠡᠷᠳᠡᠨᠢ ᠶᠢᠨ ᠳᠤᠳᠤᠷᠠᠭᠢ ᠡᠷᠳᠡᠨᠢ ︕ ᠦᠪᠡᠷ ᠤᠨ ᠪᠠᠶ᠎ᠠ ᠪᠠᠨ ᠡᠷᠳᠡᠨᠢ ᠭᠡᠳᠡᠭ᠌ ᠶᠢᠡᠨ ᠮᠠᠷᠳᠠᠭᠠᠤᠨ ᠳᠠᠩᠳᠠ ᠪᠠᠶ᠎ᠠ ᠡᠴᠠ ᠪᠠᠨ ᠭᠠᠳᠠᠨᠠᠭᠢ ᠡᠷᠳᠡᠨᠢ ᠡᠷᠢᠵᠤ ᠰᠤᠷᠠᠵᠤ ᠶᠠᠪᠣᠳᠠᠭ᠂ ᠪᠠᠰᠠ ᠠᠷᠢᠭᠢ ᠳᠠᠮᠠᠭᠢ ᠮᠠᠳᠤ ᠶᠢᠨ ᠬᠤᠤᠷᠠᠳᠤ ᠪᠣᠳᠠᠰ ᠶᠢᠡᠷ ᠠᠮᠢ ᠨᠠᠰᠤ ᠪᠠᠷ ᠭᠠᠮ ᠰᠠᠮ ᠦᠭᠡᠶ ᠴᠦᠯᠠᠵᠤ ᠪᠠᠢ᠌ᠳᠠᠭ᠃ ᠡᠨᠡ ᠤᠳᠬ᠎ᠠ ᠡᠴᠠ ᠨᠢ ᠭᠡᠯᠡᠪᠠᠯ᠄

ᠭᠦᠮᠤᠨ ᠪᠣᠯ ᠡᠷᠳᠡᠨᠢ ᠪᠠᠨ ᠮᠡᠳᠡᠳᠡᠭ᠌ ᠦᠭᠡᠶ ᠡᠷᠳᠡᠨᠢ ᠪᠣᠯᠠᠢ᠃

《ᠭᠦᠮᠤᠨ ᠡᠷᠳᠡᠨᠢ》 (ᠠᠪᠣ ᠶᠢᠨ ᠮᠢᠨᠢ ᠳᠠᠩᠳᠠ ᠶᠠᠷᠢᠳᠠᠭ ᠥᠭᠡ) ︕


2012.9.20


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠶᠡᠯᠡᠩ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 14455
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ