ᠨᠡᠪᠲᠡᠷᠡᠨ ᠤᠷᠤᠬᠤ
ᠶᠠᠭᠤ ᠭᠡᠵᠤ ᠰᠢᠪᠠᠨᠠᠪᠠ

ᠳᠠᠨᠢᠯ ᠰᠠᠷᠠ ᠶᠠᠭᠤ ᠭᠡᠵᠤ ᠰᠢᠪᠠᠨᠠᠪᠠ

ᠬᠠᠢ᠌ᠷᠠᠳᠠᠢ ᠨᠤᠳᠤᠭ ᠡᠴᠡ ᠪᠠᠨ ᠨᠡᠭᠦᠴᠢᠭᠡᠪᠠᠤ

ᠬᠠᠯᠠᠭᠤᠨ ᠬᠤᠰᠢᠭᠤᠳᠤ ᠡᠴᠡ ᠪᠠᠨ ᠰᠠᠯᠴᠢᠬᠠᠪᠠᠤ ᠭᠡᠵᠤ

ᠳᠠᠨᠢᠯ ᠰᠠᠷᠠ ᠰᠢᠪᠠᠨᠠᠵᠤ ᠪᠠᠢ᠌ᠨ᠎ᠠ


ᠳᠠᠯ᠎ᠠ ᠶᠢᠨ ᠴᠡᠴᠡᠭ᠌ ᠶᠠᠭᠤ ᠭᠡᠵᠤ ᠰᠢᠪᠠᠨᠠᠪᠠ

ᠮᠠᠠᠳᠤᠭᠰᠠᠨ ᠳᠡᠦᠭᠡ ᠪᠠᠨ ᠮᠠᠷᠳᠠᠴᠢᠬᠠᠪᠠᠤ

ᠮᠠᠯᠵᠢᠬᠤ ᠰᠤᠶᠤᠯ ᠶᠢᠡᠨ ᠭᠤᠯᠤᠴᠢᠬᠠᠪᠠᠤ ᠭᠡᠵᠤ

ᠳᠠᠯ᠎ᠠ ᠶᠢᠨ ᠴᠴᠡᠭ᠌ ᠰᠢᠪᠠᠨᠠᠵᠤ ᠪᠠᠢ᠌ᠨ᠎ᠠ


ᠣᠷᠢᠬᠠᠨ ᠰᠠᠯᠭᠢ ᠶᠠᠭᠤ ᠭᠡᠵᠤ ᠰᠢᠪᠠᠨᠠᠪᠠ

ᠣᠷᠭᠢᠯᠤᠮᠠᠯ ᠪᠣᠯᠠᠭ ᠴᠢᠨᠢ ᠰᠢᠷᠭᠢᠴᠢᠭᠡᠪᠠᠤ

ᠣᠰᠤ ᠲᠡᠶ ᠴᠠᠢ᠌ᠳᠠᠮ ᠴᠢᠨᠢ ᠬᠠᠳᠠᠴᠢᠬᠠᠪᠠᠤ ᠭᠡᠵᠤ

ᠣᠷᠢᠬᠠᠨ ᠰᠠᠯᠭᠢ ᠰᠢᠪᠠᠨᠠᠵᠤ ᠪᠠᠢ᠌ᠨ᠎ᠠ


ᠣᠳᠤᠨ ᠮᠠᠴᠢᠳ ᠶᠠᠭᠤ ᠭᠡᠵᠤ ᠰᠢᠪᠨᠠᠪᠠ

ᠠᠷᠢᠭᠢᠴᠢᠨ ᠮᠤᠩᠭ᠋ᠤᠯᠴᠤᠳ ᠠᠷᠪᠢᠳᠤᠴᠢᠬᠠᠪᠠᠤ

ᠠᠢ᠌ᠯ ᠤᠨ ᠭᠡᠦᠭᠡᠡᠴᠦᠳ ᠠᠷᠢᠯᠴᠢᠬᠠᠪᠠᠤ ᠭᠡᠵᠤ

ᠣᠳᠤᠨ ᠮᠠᠴᠢᠳ ᠰᠢᠪᠠᠨᠠᠵᠤ ᠪᠠᠢ᠌ᠨ᠎ᠠ


ᠣᠷᠠᠨ ᠪᠣᠯᠵᠤᠮᠤᠷ ᠶᠠᠭᠤ ᠭᠡᠵᠤ ᠰᠢᠪᠠᠨᠠᠪᠠ

ᠭᠦᠢᠳᠡᠨ ᠰᠢᠯᠢ ᠶᠢᠨ ᠡᠭᠢᠨ ᠳ᠋ᠤ

ᠦᠨᠦᠴᠢᠨ ᠪᠣᠳᠤᠭᠤ ᠪᠣᠢ᠌ᠯᠠᠵᠤ ᠪᠠᠢ᠌ᠨ᠎ᠠ ᠭᠡᠵᠤ

ᠣᠷᠠᠨ ᠪᠣᠯᠵᠤᠮᠤᠷ ᠰᠢᠪᠠᠨᠠᠵᠤ ᠪᠠᠢ᠌ᠨ᠎ᠠ


ᠣᠪᠣᠭᠠᠨ ᠴᠢᠯᠠᠭᠤ ᠶᠠᠭᠤ ᠭᠡᠵᠤ ᠰᠢᠪᠠᠨᠠᠪᠠ

ᠪᠣᠷᠬᠠᠨ ᠬᠠᠯᠳᠤᠨ ᠤ ᠡᠩᠭᠡᠷ ᠳᠤ

ᠪᠣᠭᠤᠷᠤᠯ ᠴᠢᠨ᠋ᠸ᠎ᠠ ᠣᠯᠢᠵᠤ ᠪᠠᠢ᠌ᠨ᠎ᠠ ᠭᠡᠵᠤ

ᠣᠪᠣᠭᠠᠨ ᠴᠢᠯᠠᠭᠤ ᠰᠢᠪᠠᠨᠠᠵᠤ ᠪᠠᠢ᠌ᠨ᠎ᠠ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 9932
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ