ᠨᠡᠪᠲᠡᠷᠡᠨ ᠤᠷᠤᠬᠤ
ᠴᠢᠮ᠎ᠠ ᠶᠢ ᠪᠠᠨ

ᠡᠭᠡᠯ ᠳᠠᠷᠤᠤ ᠡᠷᠭᠢᠮᠰᠦᠭ᠌ ᠠᠭᠠᠯᠢᠨ ᠳᠤ ᠴᠢᠨᠢ

ᠡᠭᠡᠨᠡᠭ᠍ᠰᠢᠵᠤ ᠡᠷᠭᠡᠯᠡᠵᠤ ᠶᠠᠪᠣᠭᠰᠠᠨ ᠶᠢᠡᠨ ᠰᠠᠨᠠᠶ᠎ᠠ

ᠡᠨᠡ ᠯᠠ ᠨᠠᠰᠤᠨ ᠳᠤ ᠣᠴᠠᠷᠠᠭᠰᠠᠨ ᠴᠢᠮ᠎ᠠ ᠶᠢ ᠪᠠᠨ

ᠡᠨᠡᠷᠢᠯ ᠤᠨ ᠳᠡᠭᠷᠢ ᠳᠤ ᠰᠤᠯᠤᠩᠭ᠎ᠠ ᠰᠢᠭ ᠳᠡᠭᠡᠳᠦᠯᠡᠶ᠎ᠡ

ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ

ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ

ᠨᠠᠷᠠ ᠰᠠᠯᠭᠢ ᠥᠨᠦᠷᠳᠦᠭ᠍ᠰᠡᠨ ᠰᠡᠪᠠᠯᠭᠡ ᠶᠢ ᠴᠢᠨᠢ

ᠦᠨᠦᠰᠤᠨ ᠳᠠᠭᠠᠯᠠᠨ ᠥᠭᠦᠭᠡᠷᠳᠦᠭ᠍ᠰᠡᠨ ᠶᠢᠡᠨ ᠳᠤᠷᠠᠰᠤᠶ᠎ᠠ

ᠨᠠᠷᠠᠳᠤ ᠶᠢᠨ ᠡᠯᠢᠭᠡᠨ ᠳᠤ ᠵᠠᠶᠠᠭᠠᠭᠰᠠᠨ ᠴᠢᠮ᠎ᠠ ᠶᠢ ᠪᠠᠨ

ᠦᠷ᠎ᠡ ᠶᠢᠨ ᠳᠡᠭᠷᠢ ᠳᠤ ᠳ᠋ᠠᠷᠢ ᠡᠭᠡ ᠰᠢᠭ᠌ ᠳᠡᠭᠡᠳᠦᠯᠡᠶ᠎ᠡ

ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ

ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ

ᠬᠠᠳᠠ ᠴᠢᠯᠠᠭᠤ ᠰᠢᠭ ᠠᠮᠢᠳᠤᠷᠠᠯ ᠤᠨ ᠪᠦᠳᠦᠴᠡᠭᠡ ᠵᠢ

ᠬᠠᠮᠳᠤ ᠳᠤ ᠪᠠᠨ ᠬᠤᠶᠠᠭᠤᠯᠠ ᠳᠤᠭᠤᠯᠤᠭᠰᠠᠨ ᠶᠢᠡᠨ ᠶᠠᠷᠢᠶ᠎ᠠ

ᠬᠠᠨᠢ ᠶᠢᠨ ᠵᠠᠶᠠᠭ᠎ᠠ ᠲᠡᠶ ᠨᠤᠳᠤᠭ ᠤᠨ ᠴᠢᠮ᠎ᠠ ᠶᠢ ᠪᠠᠨ

ᠬᠠᠢ᠌ᠷ᠎ᠠ ᠶᠢᠨ ᠶᠢᠡᠨ ᠳᠡᠭᠷᠢ ᠳᠤ ᠨᠠᠷᠠ ᠲᠡᠶ ᠳᠡᠭᠡᠳᠦᠯᠡᠶ᠎ᠡ

ᠵᠠᠯᠠᠭᠤ ᠽᠠᠠᠳᠠᠨ ᠨᠠᠰᠤᠨ ᠤ ᠬᠠᠢ᠌ᠷ᠎ᠠ ᠶᠢ

ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ

ᠠᠭᠤᠳᠠᠮ ᠰᠠᠷᠠᠭᠤᠯ ᠣᠬᠠᠭᠠᠨ ᠪᠣᠳᠤᠯ ᠢ ᠴᠢᠨᠢ

ᠣᠯᠠᠭᠠᠨ ᠵᠢᠷᠦᠭᠡᠨ ᠤ ᠪᠠᠨ ᠳᠤᠯᠳᠤ ᠳᠤ ᠰᠠᠢ᠌ᠯᠤᠶ᠎ᠠ

ᠣᠶᠠᠬᠠᠨ ᠽᠠᠮᠪᠣᠯᠢᠩ ᠳᠤ ᠪᠦᠰᠡᠭᠦᠢ ᠴᠢᠮ᠎ᠠ ᠶᠢ ᠪᠠᠨ

ᠣᠳᠤᠮ ᠰᠤᠳᠤᠷ ᠤᠨ ᠶᠢᠡᠨ ᠭᠠᠯ ᠲᠡᠶ ᠳᠡᠭᠡᠳᠦᠯᠡᠶ᠎ᠡ

ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ

ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ

ᠵᠤᠬᠢᠶᠠᠭᠴᠢ᠄ ᠭᠤ᠋·ᠰᠤᠶᠤᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ