ᠨᠡᠪᠲᠡᠷᠡᠨ ᠤᠷᠤᠬᠤ
ᠡᠪᠦᠭᠡ ᠮᠢᠨᠢ ᠳᠠᠩᠳᠠ ᠰᠡᠭᠦᠷᠡᠰᠦᠯᠡᠨ᠎ᠡ

ᠡᠪᠦᠭᠡ ᠮᠢᠨᠢ ᠳᠠᠩᠳᠠ ᠰᠡᠭᠦᠷᠡᠰᠦᠯᠡᠨ᠎ᠡ

ᠦᠷᠯᠦᠭᠡ ᠪᠣᠰᠤᠭᠠᠤᠨ ᠪᠣᠳᠤᠯᠭᠠᠰᠢᠷᠠᠨ ᠰᠡᠭᠦᠷᠡᠰᠦᠯᠡᠨ᠎ᠡ

ᠦᠳᠡᠰᠢ ᠣᠠᠳᠠᠭᠠᠤᠨ ᠨᠣᠢ᠌ᠷᠮᠤᠭᠯᠠᠨ ᠰᠡᠭᠦᠷᠡᠰᠦᠯᠡᠨ᠎ᠡ

ᠳᠤᠷᠭᠠᠨ ᠨᠤᠭᠤᠭᠠᠨ ᠵᠥᠯᠭᠡ

ᠳᠤᠯᠢᠨ ᠳᠤᠩᠭ᠋ᠠᠯᠠᠭ ᠨᠠᠭᠤᠷ ᠶᠢᠡᠨ ᠥᠭᠡᠢ᠌ᠯᠡᠭᠡᠳ

ᠳᠤᠷᠠᠰᠤᠨ ᠳᠤᠷᠠᠰᠤᠨ ᠰᠡᠭᠦᠷᠡᠰᠦᠯᠡᠨ᠎ᠡ᠂

ᠳᠠᠷᠠᠭ ᠠᠢ᠌ᠷᠠᠭ ᠶᠢᠡᠨ ᠰᠠᠨᠠᠭᠠᠤᠨ

ᠳᠠᠮᠰᠢᠶᠠᠯᠠᠨ ᠳᠠᠮᠰᠢᠶᠠᠯᠠᠨ ᠰᠡᠭᠦᠷᠡᠰᠦᠯᠡᠨ᠎ᠡ᠂

ᠠᠩ ᠭᠦᠷᠦᠭᠡᠰᠤ ᠪᠠᠨ ᠵᠡᠭᠦᠳᠦᠯᠡᠨ

ᠠᠪᠠ ᠶᠢᠨ ᠫᠣᠤ ᠪᠠᠨ

ᠠᠷᠴᠢᠨ ᠠᠷᠴᠢᠨ ᠰᠡᠭᠦᠷᠡᠰᠦᠯᠡᠨ᠎ᠡ᠂

ᠠᠷᠢᠭᠢ ᠮᠠᠭᠠᠵᠢᠶᠠᠩ

ᠠᠳᠤᠭ᠎ᠠ ᠵᠢᠳᠦᠭᠡ ᠶᠢ ᠵᠠᠨᠤᠵᠤ

ᠣᠶᠠᠷᠠᠨ ᠬᠠᠢ᠌ᠯᠠᠨ ᠰᠡᠭᠦᠷᠡᠰᠦᠯᠡᠨ᠎ᠡ᠂

ᠮᠤᠩᠭ᠋ᠤᠯ ᠠᠷᠠᠠᠰᠢᠨ

ᠮᠤᠷᠢ ᠣᠨᠤᠭ᠎ᠠ ᠪᠠᠨ ᠰᠠᠨᠠᠭᠠᠤᠨ

ᠮᠦᠷᠦᠭᠡᠳᠤᠨ ᠮᠦᠷᠦᠭᠡᠳᠤᠨ ᠰᠡᠭᠦᠷᠡᠰᠦᠯᠡᠨ᠎ᠡ᠂

ᠮᠠᠨᠤ ᠰᠤᠷᠤᠭᠤᠯᠳᠤ ᠭᠠᠩᠰᠠ ᠪᠠᠨ

ᠮᠠᠨᠠᠷᠠᠳᠠᠯ᠎ᠠ ᠰᠤᠷᠤᠨ

ᠪᠦᠭ᠍ᠰᠢᠨ ᠬᠠᠭᠰᠢᠨ ᠰᠡᠭᠦᠷᠡᠰᠦᠯᠡᠨ᠎ᠡ᠂

ᠡᠭᠡ ᠭᠡᠯᠡ

ᠡᠩᠭᠡ ᠪᠠᠢ᠌ᠭᠠᠯᠢ ᠪᠠᠨ

ᠡᠷᠡᠭᠦᠯ ᠪᠦᠳᠤᠨ ᠪᠠᠢ᠌ᠭᠠᠰᠠᠢ ᠭᠡᠵᠤ

ᠨᠠᠮᠠᠴᠢᠯᠠᠨ ᠨᠠᠮᠠᠴᠢᠯᠠᠨ ᠰᠡᠭᠦᠷᠡᠰᠦᠯᠡᠨ᠎ᠡ᠂

ᠡᠪᠦᠭᠡ ᠶᠢᠨ ᠮᠢᠨᠢ ᠰᠡᠭᠦᠷᠡᠰᠦᠯᠡᠯ

ᠡᠷᠡᠨ ᠵᠠᠭᠤᠨ ᠢ ᠰᠤᠠᠳᠠᠯᠠᠭᠰᠠᠨ

ᠦᠷ᠎ᠡ ᠠᠴᠢᠨᠠᠷ ᠲᠠᠭᠠᠨ ᠥᠯᠡᠳᠡᠭᠡᠭ᠍ᠰᠡᠨ

ᠦᠨᠡᠨ ᠰᠠᠢ᠌ᠬᠠᠨ ᠤ ᠡᠷᠢᠯ ᠪᠣᠶᠤ᠃


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ