☆ ᠪᠠ᠊·ᠣᠳᠬᠤᠠᠪᠠᠭᠠᠳᠤᠷ
ᠪᠦᠷᠭᠡ ᠲᠡᠭᠡᠨ ᠳᠠᠯᠠᠷᠬᠠᠶ᠎ᠠ
ᠪᠦᠷᠭᠡ ᠭᠡᠳᠡᠭ᠌
ᠣᠷᠤᠨ ᠵᠠᠢ
ᠪᠦᠭᠦᠳᠡ ᠶᠢ ᠬᠠᠮᠤᠷᠤᠭᠰᠠᠨ
ᠰᠤᠶᠤᠯ ︕
ᠪᠦᠮᠪᠦᠷᠴᠡᠭ᠌ ᠳᠡᠯᠡᠭᠡᠢ ᠶᠢᠨ
ᠪᠣᠯᠤᠩ ᠪᠣᠯᠳᠠᠭ ᠢ
ᠪᠠᠷᠠᠭᠠᠯᠠᠵᠤ ᠰᠠᠭᠤᠳᠠᠭ
ᠳᠤᠷᠠᠨ ︕
ᠪᠦᠷᠭᠡ ᠶᠢ ᠡᠭᠦᠳᠦᠭ᠍ᠰᠡᠨ
ᠪᠦᠭᠦ ᠮᠡᠷᠭᠡᠳ ᠲᠡᠭᠡᠨ ᠳᠠᠯᠠᠷᠬᠠᠶ᠎ᠠ︕
ᠪᠦᠷᠭᠡ ᠳᠤ ᠪᠠᠨ ᠥᠢᠯᠡᠴᠢᠯᠡᠳᠡᠭ᠌
ᠪᠦᠷᠭᠡᠴᠦᠳ ᠲᠡᠭᠡᠨ ᠴᠤ ᠳᠠᠯᠠᠷᠬᠠᠶ᠎ᠠ︕
ᠦᠵᠡᠯ ᠶᠢᠡᠨ ᠰᠤᠯᠢᠯᠴᠠᠵᠤ
ᠰᠠᠨᠠᠭ᠎ᠠ ᠪᠠᠨ ᠬᠤᠪᠢᠶᠠᠯᠴᠠᠭᠰᠠᠨ
ᠰᠠᠢ᠌ᠬᠠᠨ ᠳᠡᠯᠡᠭᠡᠢ
ᠣᠷᠴᠢᠯ ᠠᠬᠤᠢ ᠳ᠋ᠤ
ᠪᠦᠳᠦᠭᠦ ᠶᠠᠭᠤᠮ᠎ᠠ ᠠᠷᠪᠢᠨ ᠪᠣᠢ
ᠪᠣᠳᠤᠵᠤ ᠶᠠᠭᠤᠭᠠᠤᠨ
ᠰᠠᠵᠢᠯᠠᠵᠤ ᠯᠠ ᠪᠠᠢ᠌ᠪᠠᠯ
ᠭᠦᠷᠳᠡᠭ᠌ ᠯᠠ ᠬᠣᠢ᠌ᠨ᠎ᠠ ᠁
ᠪᠦᠮᠪᠦᠷᠴᠡᠭ᠌ ᠤᠨ ᠪᠦᠳᠤᠨ ᠢ
ᠪᠢᠳᠠ ᠪᠦᠭᠦᠨ
ᠬᠤᠪᠢᠶᠠᠯᠴᠠᠨ ᠵᠢᠷᠭᠠᠶ᠎ᠠ︕
2010.12.13
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ