ᠨᠡᠪᠲᠡᠷᠡᠨ ᠤᠷᠤᠬᠤ
ᠭᠡᠯᠡ ᠮᠢᠨᠢ

ᠳᠦᠨᠠᠷ ᠬᠠᠷᠠᠩᠭ᠋ᠤᠢ ᠶᠢ ᠠᠶᠤᠩᠭ᠋᠎ᠠ ᠪᠠᠷ ᠨᠢᠷᠭᠡᠭ᠍ᠰᠡᠨ ᠮᠤᠩᠭ᠋ᠤᠯ ᠰᠦᠷ

ᠲᠦᠷᠦ ᠶᠢᠨ ᠢᠴᠢᠭᠦᠷᠢ ᠶᠢ ᠳᠣᠢ᠌ᠮᠠᠷ ᠶᠢᠡᠷ ᠥᠨᠦᠰᠦᠭ᠍ᠰᠡᠨ ᠰᠤᠭᠳᠤᠭᠤ ᠣᠷᠤᠭᠤᠯ

ᠭᠠᠳᠠ ᠮᠠᠢ᠌ᠷᠠᠨ ᠢ ᠭᠠᠭᠴᠠ ᠬᠠᠢ᠌ᠷᠠᠯᠠᠭᠰᠠᠨ ᠭᠠᠵᠠᠷ ᠰᠢᠷᠤᠢ

ᠭᠠᠯᠳᠤ ᠮᠠᠭᠮᠠ ᠶᠢ ᠵᠢᠷᠦᠭᠡᠨ ᠳᠡᠭᠡᠨ ᠮᠠᠨᠠᠭᠰᠠᠨ ᠮᠤᠩᠭ᠋ᠤᠯ ᠳᠡᠯᠡᠭᠡᠢ

ᠰᠠᠷᠠᠭᠤᠯ ᠢᠷᠡᠭᠡᠳᠦᠢ ᠳᠤ ᠳᠠᠯ ᠵᠢᠭᠦᠷᠯᠡᠭ᠍ᠰᠡᠨ ᠰᠢᠯᠦᠭ᠌ ᠤᠨ ᠣᠩᠭ᠋ᠤᠳ

ᠰᠠᠨᠠᠭ᠎ᠠ ᠪᠣᠳᠤᠯ ᠳᠤ ᠣᠳᠤ ᠴᠤᠭᠢᠯᠠᠭᠰᠠᠨ ᠰᠦᠮᠪᠦᠷ ᠠᠭᠤᠯᠠ

ᠰᠠᠠᠰᠠᠷ ᠣᠷᠴᠢᠯᠠᠩ ᠳᠤ ᠰᠠᠷᠠ ᠰᠢᠭ ᠳᠤᠸᠠᠯᠠᠭᠰᠠᠨ ᠰᠦᠨ ᠳᠡᠯᠡᠭᠡᠢ

ᠰᠠᠯᠭᠢ ᠪᠣᠷᠤᠭᠠᠨ ᠳᠤ ᠨᠠᠷᠠ ᠰᠢᠭ ᠵᠢᠷᠭᠢᠭ᠍ᠰᠡᠨ ᠰᠥᠷᠦᠭ᠌ ᠤᠨ ᠳᠠᠯ᠎ᠠ

ᠣᠷᠭ᠎ᠠ ᠶᠢᠨ ᠬᠣᠢ᠌ᠪᠢ ᠳᠤ ᠣᠬᠠᠭᠠᠨ ᠭᠤᠭᠴᠤᠭᠠᠯᠠᠭᠰᠠᠨ ᠨᠤᠳᠤᠭ ᠭᠦᠮᠤᠨ

ᠣᠪᠣᠭᠠᠨ ᠰᠦᠯᠳᠡ ᠳᠤ ᠣᠴᠢ ᠥᠰᠦᠷᠭᠡᠭ᠍ᠰᠡᠨ ᠳᠦᠳᠡᠭ᠌ ᠤᠨ ᠰᠤᠷ

ᠣᠨ ᠵᠢᠯ ᠳᠤ ᠨᠠᠢ᠌ᠷᠠᠭ ᠭᠡᠢ᠌ᠭᠦᠭ᠍ᠰᠡᠨ ᠨᠠᠮᠤᠷ ᠤᠨ ᠭᠦᠰᠢᠭᠡ

ᠣᠳᠤᠨ ᠬᠠᠷᠭᠤᠢ ᠳᠤ ᠰᠤᠳᠤᠨ ᠱᠤᠤᠭᠢᠭᠰᠠᠨ ᠡᠷᠡᠨ ᠤ ᠭᠦᠭ᠌

ᠭᠠᠯ ᠲᠡᠶ ᠭᠡᠯᠡ ᠮᠢᠨᠢ ᠭᠠᠪᠢᠶᠠᠳᠤ ᠲᠦᠮᠡᠨ ᠤ ᠮᠢᠨᠢ ᠭᠡᠢ᠌ᠮᠦᠷᠢ ᠳᠠᠪᠢᠯᠠᠩ

ᠭᠠᠵᠠᠷ ᠨᠤᠳᠤᠭ ᠭᠠᠯ ᠨᠠᠷᠠᠨ ᠢᠷᠦᠭᠡᠯ ᠳᠠᠪᠢᠯᠠᠩ ᠤᠨ ᠨᠠᠷ᠎ᠠ ᠲᠡᠶ

ᠭᠠᠭᠴᠠ ᠮᠤᠳᠤ ᠲᠡᠶ ᠭᠠᠠᠵᠤᠭ᠎ᠠ ᠳᠦᠷᠦᠭᠡᠨ ᠳᠤ ᠭᠠᠵᠠᠷ ᠣᠰᠤᠨ ᠤ ᠭᠠᠢ ᠲᠡᠶ

ᠭᠠᠷ ᠲᠡᠶ ᠪᠦᠭᠦᠨ ᠤ ᠭᠠᠯ ᠲᠡᠶ ᠨᠢᠳᠤᠨ ᠳᠤ ᠭᠠᠵᠠᠷ ᠰᠢᠷᠤᠢ ᠴᠢᠰᠤ ᠲᠡᠶ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ