ᠨᠡᠪᠲᠡᠷᠡᠨ ᠤᠷᠤᠬᠤ
ᠬᠤᠷᠴᠢᠨ ᠴᠤ ᠮᠤᠩᠭᠤᠯ ᠪᠢᠰᠢᠦ ᠳᠡ

ᠨᠢᠭᠡ

ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠤᠨ 2004 ᠣᠨ ᠤ ᠴᠠᠭᠠᠨ ᠰᠠᠷ᠎ᠠ ᠶᠢᠨ ᠥᠳᠡᠰᠢᠯᠡᠭᠡ ᠵᠢᠴᠢ ᠭᠤᠷᠪᠠᠨ ᠵᠢᠯ ᠤᠨ ᠳᠠᠷᠠᠭᠠᠭᠢ ᠴᠠᠭᠠᠨ ᠰᠠᠷ᠎ᠠ ᠶᠢᠨ ᠥᠳᠡᠰᠢᠯᠡᠭᠡ ᠳᠡᠭᠡᠷ᠎ᠡ ᠬᠤᠷᠴᠢᠨ ᠨᠤᠳᠤᠭ ᠶᠢᠡᠷ ᠰᠡᠳᠦᠪᠯᠡᠭ᠍ᠰᠡᠨ 《ᠮᠠᠩᠬᠠᠨ ᠨᠤᠳᠤᠭ ᠤᠨ ᠮᠠᠩᠬᠠᠠᠬᠤᠸᠠᠷ ᠱᠦᠵᠢ》 ᠪᠠ 《ᠵᠧᠳᠠᠷ ᠨᠨ ᠨᠨ》 ᠭᠡᠮᠡᠭᠦ ᠭᠢᠯᠪᠢᠭᠡᠨ ᠵᠥᠴᠦᠭᠡ ᠳᠤᠰ ᠳᠤᠰ ᠢ ᠳᠤᠭᠯᠠᠵᠠᠢ᠃ ᠳᠠᠢ᠌ᠰᠠᠨ ᠳᠤ ᠳᠤᠭᠯᠠᠭᠰᠠᠨ ᠳᠤᠭᠯᠠᠭᠴᠢ ᠡᠴᠡ ᠬᠤᠷᠴᠢᠨ ᠠᠶᠠᠯᠭᠤ ᠪᠠᠷ ᠭᠢᠳᠠᠤᠨ ᠮᠤᠩᠭ᠋ᠤᠯ᠂ ᠬᠠᠷᠢᠶᠠᠯ ᠢᠷᠦᠭᠡᠯ ᠤᠨ ᠥᠭᠡ ᠶᠢ ᠳᠡᠷᠭᠡ ᠪᠠᠷ ᠳᠡᠭᠡᠭᠡᠵᠤ ᠳᠡᠮᠡᠭᠡ ᠪᠠᠷ ᠠᠴᠢᠵᠠᠢ᠃

ᠪᠣᠳᠤᠭᠠᠤᠨ ᠯᠠ ᠪᠠᠢ᠌ᠪᠠᠯ ᠭᠠᠢ᠌ᠬᠠᠮᠠᠷ ᠶᠤᠮ᠃ ᠡᠨᠡ ᠨᠢ ᠬᠤᠷᠴᠢᠨ ᠨᠤᠳᠤᠭ ᠤᠨ ᠭᠦᠮᠤᠨ ᠠᠷᠠᠤᠨ᠂ ᠰᠤᠶᠤᠯ ᠶᠢᠨ ᠭᠢᠨ ᠰᠢᠯᠢᠳᠡᠭ᠌ ᠢ ᠨᠢ ᠳᠠᠢ᠌ᠰᠠᠨ᠎ᠠ ᠳᠡᠯᠭᠡᠵᠡᠢ ᠭᠡᠭᠦ ᠦᠦ᠂ ᠡᠰᠡᠭᠦᠯ᠎ᠡ ᠮᠠᠭᠤ ᠶᠢ ᠨᠢ ᠥᠵᠡᠭᠦᠯᠵᠤ ᠮᠤᠬᠤᠷ ᠢ ᠨᠢ ᠳᠦᠭᠡᠯᠡᠯ᠎ᠡ ᠭᠡᠨ᠎ᠡ ᠦᠦ︖ ᠭᠡᠷᠪᠡ ᠰᠢᠯᠢᠳᠡᠭ᠌ ᠰᠤᠶᠤᠯ ᠢ ᠨᠢ ᠳᠡᠯᠭᠡᠵᠡᠢ ᠭᠡᠵᠤ ᠥᠵᠡᠭ᠍ᠰᠡᠨ ᠴᠤ ᠳᠠᠭᠠᠷᠠᠮᠠᠷ ᠵᠣᠢ᠌ᠯ ᠣᠭᠳᠤ ᠦᠭᠡᠶ᠃ ᠳᠤᠭᠯᠠᠭᠴᠢ ᠳᠠᠢ᠌ᠰᠠᠨ ᠳᠤ ᠭᠠᠷᠤᠭᠰᠠᠨ ᠡᠴᠡ ᠵᠥᠴᠦᠭᠡ ᠦᠨᠳᠦᠷᠯᠠᠳᠠᠯ᠎ᠠ ᠪᠠᠨ ᠱᠠᠯᠢᠭ ᠪᠣᠵᠠᠷ᠂ ᠪᠣᠯᠪᠠᠰᠤᠨ ᠪᠣᠰᠤ ᠶᠠᠷᠢᠶ᠎ᠠ ᠠᠮᠠᠨ ᠡᠴᠡ ᠪᠠᠨ ᠣᠷᠤᠰᠬᠠᠵᠤ᠂ ᠬᠠᠭᠠᠰ ᠴᠠᠭ ᠤᠨ ᠳᠤᠭᠯᠠᠯᠳᠠ ᠶᠢᠨ ᠶᠠᠪᠣᠴᠠ ᠳᠤ ᠶᠠᠭᠤ ᠶᠠᠷᠢᠭᠠᠤᠨ ᠶᠠᠮᠠᠷ ᠰᠠᠨᠠᠭ᠎ᠠ ᠶᠢ ᠢᠯᠡᠳᠭᠡᠭ᠍ᠰᠡᠨ ᠢ ᠨᠢ ᠭᠦᠷᠳᠡᠯ᠎ᠡ ᠣᠢ᠌ᠯᠠᠭᠠᠵᠤ ᠮᠡᠳᠡᠭ᠍ᠰᠡᠨ ᠦᠭᠡᠶ᠃ ᠮᠠᠭᠤ ᠳᠠᠭᠠᠨ ᠬᠤᠷᠴᠢᠨ ᠨᠤᠳᠤᠭ ᠤᠨ ᠬᠠᠷᠢᠶᠠᠯ ᠤᠨ ᠥᠭᠡ ᠨᠢ ᠭᠦᠷᠳᠡᠯ᠎ᠡ ᠳᠠᠢ᠌ᠰᠠᠨ ᠤ ᠣᠷᠠᠯᠢᠭ ᠪᠣᠯᠵᠤ ᠳᠤᠭᠯᠠᠭᠳᠠᠬᠤ ᠪᠠᠷ ᠬᠤᠷᠴᠢᠨ ᠨᠤᠳᠤᠭ ᠤᠨ ᠭᠦᠤ ᠪᠣᠯᠤᠭᠰᠠᠨ ᠪᠢ ᠵᠤᠪᠠᠬᠤ ᠶᠢ ᠪᠣᠤ ᠭᠡᠯᠡ᠂ ᠳᠠᠢ᠌ᠰᠠᠨ ᠤ ᠳᠤᠤᠷ᠎ᠠ ᠰᠠᠭᠤᠭᠰᠠᠨ ᠥᠵᠡᠭ᠍ᠴᠢᠳ ᠡᠴᠡ ᠳᠸᠯᠸᠢᠰ ᠤᠨ ᠡᠮᠤᠨ᠎ᠡ ᠰᠠᠭᠤᠭᠰᠠᠨ ᠥᠷᠭᠡᠨ ᠣᠯᠠᠨ ᠲᠦᠮᠡᠨ ᠭᠦᠷᠳᠡᠯ᠎ᠡ ᠴᠢᠷᠠᠢ ᠨᠢ ᠣᠯᠠᠢ᠌ᠵᠤ᠂ ᠢᠴᠢᠩᠭᠦᠷᠡᠯ ᠳᠦᠷᠦᠭ᠍ᠳᠡᠭ᠍ᠰᠡᠨ ᠦᠭᠡᠶ ᠭᠦᠮᠤᠨ ᠭᠡᠵᠤ ᠪᠠᠷᠤᠭ ᠪᠠᠢ᠌ᠳᠠᠭ ᠦᠭᠡᠶ ᠪᠠᠢ᠌ᠬ᠎ᠠ᠃ ᠭᠡᠪᠠᠴᠤ ᠳᠤᠭᠯᠠ ᠯᠠ ᠭᠡᠪᠠᠯ ᠰᠠᠮᠵᠠ ᠰᠢᠭ ᠳᠤᠭᠯᠠᠭᠠᠤᠨ ᠥᠭ᠍ᠳᠡᠭ᠌ ᠳᠤᠭᠯᠠᠭᠴᠢᠳ ᠲᠤ ᠪᠣᠷᠤᠭᠤ ᠬᠠᠮᠢᠭ᠎ᠠ ᠪᠠᠢ᠌ᠨ᠎ᠠ᠃ ᠪᠣᠳᠠᠭᠠᠨ ᠠᠶᠠᠭ᠎ᠠ ᠨᠢ ᠳᠠᠷᠠ ᠶᠤᠮ ᠴᠢᠨᠢ᠃ ᠬᠠᠷᠢᠨ ᠪᠣᠷᠤᠭᠤ ᠨᠢ ᠬᠠᠰᠢ ᠯᠠ ᠥᠳᠡᠰᠢᠯᠡᠭᠡ ᠶᠢᠨ ᠣᠳᠤᠷᠢᠳᠤᠭᠠᠴᠢ ᠳᠤ ᠨᠢ ᠪᠣᠢ᠃

ᠬᠤᠶᠠᠷ

ᠶᠡᠭᠡ ᠰᠤᠷᠭᠠᠭᠤᠯᠢ ᠳᠤ ᠣᠷᠤᠭᠰᠠᠨ ᠤ ᠳᠠᠷᠠᠭ᠎ᠠ ᠬᠤᠶᠠᠷ ᠵᠣᠢ᠌ᠯ ᠤᠨ ᠣᠴᠢᠷ ᠮᠢᠨᠤ ᠵᠢᠷᠦᠭᠡ ᠶᠢ ᠭᠦᠡᠳᠦᠷᠡᠭᠦᠯᠵᠤ ᠰᠠᠤᠠᠭᠢᠯ ᠰᠠᠨᠠᠭ᠎ᠠ ᠶᠢ ᠵᠤᠪᠠᠭᠠᠳᠠᠭ ᠪᠣᠯᠪᠠ᠃ ᠡᠨᠡ ᠬᠤᠶᠠᠷ ᠣᠴᠢᠷ ᠨᠢ ᠣᠤᠯ ᠡᠴᠡ ᠪᠠᠨ ᠰᠠᠨᠠᠭᠠᠨ ᠳᠤ ᠦᠭᠡᠶ ᠰᠤᠨᠢᠨ ᠣᠴᠢᠷ ᠪᠠᠢ᠌ᠯ᠎ᠠ᠃ ᠨᠢᠭᠡ ᠨᠢ ᠦᠵᠦᠮᠤᠴᠢᠨ᠂ ᠪᠠᠭᠠᠷᠢᠨ᠂ ᠣᠷᠳᠤᠰ᠂ ᠴᠠᠬᠠᠷ ᠦᠭᠡᠶ (ᠶᠠᠭᠤ ᠴᠤ ᠭᠡᠰᠡᠨ ᠬᠤᠷᠴᠢᠨ ᠬᠠᠷᠠᠴᠢᠨ ᠡᠴᠡ ᠪᠣᠰᠤᠳ ᠨᠢ) ᠬᠤᠷᠴᠢᠨ ᠬᠠᠷᠠᠴᠢᠨ ᠤ ᠥᠭᠡ ᠭᠡᠯᠡ ᠡᠴᠡ ᠶᠠᠪᠣᠳᠠᠯ ᠰᠠᠭᠤᠳᠠᠯ ᠢ ᠨᠢ ᠭᠦᠷᠳᠡᠯ᠎ᠡ ᠮᠠᠭᠤᠯᠠᠵᠤ᠂ ᠬᠤᠭᠤᠷᠤᠠᠳᠤ ᠪᠠᠨ ᠱᠤᠤᠯᠠᠯᠳᠤᠨ᠎ᠠ᠃ ᠨᠥᠭᠦᠭᠡ ᠨᠢ ᠮᠠᠨ ᠤ ᠬᠤᠷᠴᠢᠨ ᠬᠠᠷᠠᠴᠢᠨ ᠤ ᠣᠶᠤᠳᠠᠤᠨ 《ᠮᠠᠭᠤ》 ᠳᠡᠭᠡᠷ᠎ᠡ ᠪᠠᠨ ᠦᠪᠡᠷ ᠤᠨ ᠭᠢ ᠪᠠᠨ ᠣᠯᠠᠮ ᠮᠠᠭᠤ ᠪᠣᠯᠭᠠᠵᠤ ᠶᠠᠷᠢᠨ᠎ᠠ᠃ ᠨᠢᠭᠡ ᠯᠠ ᠥᠭᠡ ᠪᠠᠷ ᠭᠡᠯᠡᠪᠠᠯ ᠬᠤᠷᠴᠢᠨ ᠬᠠᠷᠠᠴᠢᠨ ᠤ ᠭᠦᠮᠤᠨ ᠪᠣᠯᠤᠭᠰᠠᠨ ᠳᠠᠭᠠᠨ ᠢᠳᠡᠭᠡᠯ ᠠᠯᠳᠠᠵᠠᠢ ᠭᠡᠰᠡᠨ ᠥᠭᠡ᠃ ᠭᠡᠯᠡᠪᠠᠯ ᠪᠠᠰᠠ ᠰᠤᠨᠢᠨ ᠭᠡᠮᠡᠷ᠃ ᠪᠣᠰᠤᠳ ᠭᠦᠮᠦᠰ ᠶᠠᠭᠤ ᠭᠡᠵᠤ ᠮᠠᠭᠤᠯᠠᠵᠤ ᠱᠤᠤᠯᠠᠵᠤ ᠪᠠᠢ᠌ᠬᠤ ᠶᠢ ᠭᠠᠢ᠌ᠬᠠᠭᠠᠤᠨ ᠪᠠᠢ᠌ᠨ᠎ᠠ᠃ ᠨᠠᠷᠢᠨ ᠳᠤᠩᠭ᠋ᠠᠪᠠᠯ ᠳᠠᠳᠠ ᠬᠤᠷᠴᠢᠨ ᠬᠠᠷᠠᠴᠢᠨ ᠭᠦᠮᠤᠨ ᠤ ᠦᠩᠭᠡᠨ ᠳᠠᠯ᠎ᠠ ᠶᠢᠨ ᠥᠭᠡ ᠶᠠᠷᠢᠶ᠎ᠠ ᠶᠢ ᠯᠠ ᠠᠩᠬᠠᠷᠴᠤ᠂ ᠴᠠᠬᠠᠷ ᠠᠶᠠᠯᠠᠭ᠎ᠠ ᠡᠴᠡ ᠨᠠᠯᠢᠶᠠᠤᠨ ᠵᠥᠷᠢᠭ᠍ᠰᠡᠨ ᠡᠴᠡ ᠯᠠ ᠳᠡᠭᠡᠵᠤ ᠪᠠᠢ᠌ᠭ᠎ᠠ ᠪᠠᠢ᠌ᠯᠭᠦᠢ᠃ ᠦᠨᠡᠨ ᠳᠡᠭᠡᠨ ᠨᠤᠳᠤᠭ ᠤᠨ ᠠᠶᠠᠯᠠᠭ᠎ᠠ ᠰᠠᠢ᠌ᠨ ᠮᠠᠭᠤ ᠪᠠᠷ ᠬᠤᠪᠢᠶᠠᠷᠯᠠᠳᠠᠭ ᠶᠤᠰᠤ ᠠᠯᠠᠭ᠎ᠠ᠃ ᠴᠢᠮ᠎ᠠ ᠳᠤ ᠮᠠᠭᠤ ᠪᠣᠯᠤᠭᠰᠠᠨ ᠴᠤ ᠳᠤᠰ ᠨᠤᠳᠤᠭ ᠤᠨ ᠠᠷᠠᠤᠨ ᠪᠣᠯ ᠬᠤᠭᠤᠷᠤᠠᠳᠤ ᠪᠠᠨ ᠥ ᠦᠭᠡᠶ ᠯᠠ ᠣᠢ᠌ᠯᠠᠭᠠᠯᠴᠠᠨ᠎ᠠ᠃ ᠴᠠᠬᠠᠷ ᠠᠶᠠᠯᠠᠭ᠎ᠠ ᠰᠠᠢ᠌ᠬᠠᠨ ᠶᠤᠮ ᠭᠡᠤᠨ ᠬᠤᠷᠴᠢᠨ ᠳᠤ ᠠᠪᠠᠴᠢᠭᠰᠠᠨ ᠴᠤ ᠬᠤᠷᠴᠢᠨ ᠤ ᠭᠦᠮᠦᠰ ᠣᠢ᠌ᠯᠠᠭᠠᠬᠤ ᠪᠠᠷ ᠦᠭᠡᠶ ᠶᠤᠮ᠃ ᠳᠠᠢ᠌ᠮᠤ ᠮᠥᠷᠳᠡᠭᠡᠨ ᠬᠤᠷᠴᠢᠨ ᠮᠤᠩᠭ᠋ᠤᠯ ᠢ ᠭᠢᠳᠠᠤᠨ ᠲᠡᠶ ᠣᠢ᠌ᠷᠠᠤᠠᠴᠤ᠂ ᠣᠭ ᠶᠢᠡᠨ ᠮᠠᠷᠳᠠᠵᠤ᠂ ᠰᠤᠶᠤᠯ ᠶᠢᠡᠨ ᠬᠠᠢ᠌ᠯᠠᠭᠤᠯᠤᠯ᠎ᠠ ᠭᠡᠵᠤ ᠥᠵᠡᠳᠡᠭ᠌ ᠡᠴᠡ ᠳᠠᠳᠠ ᠮᠦᠨ ᠦᠵᠡᠵᠤ ᠴᠢᠳᠠᠬᠤ ᠦᠭᠡᠶ ᠪᠠᠢ᠌ᠳᠠᠭ ᠨᠢ ᠦᠨᠡᠨ᠃ 《ᠬᠤᠷᠴᠢᠨ ᠬᠠᠷᠠᠴᠢᠨ ᠢ ᠮᠠᠭᠤᠯᠠᠵᠤ ᠪᠠᠢ᠌ᠭ᠎ᠠ ᠭᠦᠮᠦᠰ ᠪᠦᠷ ᠳᠡᠦᠭᠡ ᠮᠡᠳᠡᠳᠡᠭ᠌ ᠦᠭᠡᠶ ᠭᠦᠮᠦᠰ ᠰᠢᠤ》 ᠭᠡᠵᠤ ᠮᠢᠨᠤ ᠨᠢᠭᠡ ᠨᠠᠢ᠌ᠵᠠ ᠨᠠᠳᠠ ᠰᠡᠭᠦᠷᠡᠰᠤ ᠠᠯᠳᠠᠨ ᠭᠡᠯᠡᠭ᠍ᠰᠡᠨ ᠪᠠᠢ᠌ᠳᠠᠭ᠃ ᠶᠠᠷᠤ ᠨᠢ ᠳᠡᠦᠭᠡ ᠪᠠ ᠣᠳᠤᠭᠢ ᠠᠬᠤᠢ ᠰᠤᠯᠪᠢᠴᠠᠭᠠᠤᠨ ᠪᠠᠢ᠌ᠭ᠎ᠠ ᠰᠢᠭ᠃ ᠢᠵᠢᠯᠭᠡᠨ ᠮᠤᠩᠭ᠋ᠤᠯ ᠤᠨ ᠳᠤᠮᠳᠠ ᠪᠠᠨ ᠭᠡᠯᠡ ᠠᠶᠠᠯᠭᠤ ᠪᠠᠷ ᠶᠢᠡᠨ ᠢᠯᠠᠭᠠᠭᠳᠠᠭᠰᠠᠨ ᠮᠠᠨ ᠤ ᠬᠤᠷᠴᠢᠨ ᠬᠠᠷᠠᠴᠢᠨ ᠤ ᠣᠶᠤᠳᠠᠤᠨ ᠶᠠᠭᠤ ᠭᠡᠵᠤ ᠦᠪᠡᠷ ᠤᠨ ᠭᠢ ᠳᠡᠭᠡᠨ ᠢᠳᠡᠭᠡᠯ ᠠᠯᠳᠠᠵᠤ᠂ ᠭᠤᠨᠢᠵᠤ ᠭᠤᠳᠤᠷᠠᠵᠤ ᠪᠠᠢ᠌ᠭ᠎ᠠ ᠶᠢ ᠦᠯᠦ ᠣᠢ᠌ᠯᠠᠭᠠᠨ᠎ᠠ᠃ ᠣᠯᠠᠨ ᠭᠦᠮᠤᠨ ᠤ ᠴᠢᠭᠤᠯᠭᠠᠨ ᠳᠡᠭᠡᠷ᠎ᠡ ᠶᠠᠷᠤ ᠳᠡᠭᠡᠨ᠄ 《ᠪᠢ ᠭᠡᠭᠦ ᠳᠤ ᠬᠤᠷᠴᠢᠨ ᠮᠤᠩᠭ᠋ᠤᠯ ᠶᠤᠮ᠂ ᠮᠤᠩᠭ᠋ᠤᠯ ᠥᠭᠡᠨ ᠳᠡᠭᠡᠨ ᠮᠠᠭᠤ ᠰᠢᠤ》 ᠭᠡᠨ᠎ᠡ᠃ ᠳᠡᠭᠡᠭᠡᠤᠨ ᠳᠡᠭᠦᠨ ᠤ ᠶᠠᠷᠢᠵᠤ ᠪᠠᠢ᠌ᠭ᠎ᠠ ᠨᠢ ᠶᠠᠭᠤ ᠶᠤᠮ︖ ᠠᠩᠭ᠍ᠯᠢ ᠦᠦ᠂ ᠡᠰᠡᠭᠦᠯ᠎ᠡ ᠶᠠᠫᠣᠨ ᠦᠦ︖ ᠶᠠᠭ ᠡᠢ᠌ᠮᠤ ᠪᠠᠷ ᠶᠢᠡᠨ ᠣᠯᠠᠩᠭᠢ ᠣᠶᠤᠳᠠᠤᠨ ᠨᠢ ᠭᠦᠮᠤᠨ ᠤ ᠡᠮᠤᠨ᠎ᠡ ᠮᠤᠩᠭ᠋ᠤᠯ ᠶᠢᠡᠷ ᠶᠢᠡᠨ ᠶᠠᠷᠢᠬᠤ ᠡᠴᠡ ᠢᠴᠢᠵᠤ᠂ ᠢᠴᠢᠭᠦ ᠳᠤᠳᠤᠮ ᠪᠠᠯᠠᠭ ᠠᠯᠳᠠᠵᠤ ᠶᠠᠷᠢᠭᠰᠠᠨ ᠥᠭᠡ ᠨᠢ ᠣᠯᠠᠮ ᠴᠤ ᠭᠦᠮᠤᠨ ᠴᠤ ᠣᠢ᠌ᠯᠠᠭᠠᠬᠤ ᠦᠭᠡᠶ ᠦᠪᠡᠷ ᠶᠢᠡᠨ ᠴᠤ ᠣᠢ᠌ᠯᠠᠭᠠᠬᠤ ᠦᠭᠡᠶ ᠪᠣᠯᠤᠨ᠎ᠠ᠃ ᠳᠡᠭᠡᠭᠦ ᠳᠤᠳᠤᠮ ᠪᠣᠰᠤᠳ ᠤᠳ ᠴᠢᠨᠢ ᠣᠯᠠᠮ ᠳᠤᠭᠤᠭᠢᠯᠠᠨ᠎ᠠ᠃ 《ᠳᠤᠰᠬᠠᠢ ᠮᠡᠷᠭᠡᠵᠢᠯ ᠭᠡᠭᠦ ᠳᠤ ᠳᠠᠢ᠌ᠮᠤ ᠰᠠᠢ᠌ᠨ ᠪᠢᠰᠢ᠂ ᠳᠡᠭᠡᠭᠡᠤᠨ ᠳᠡᠭᠡᠷ᠎ᠡ ᠨᠢ ᠳᠦᠩᠯᠢᠶᠤᠤ ᠶᠢᠨ ᠮᠤᠩᠭ᠋ᠤᠯ ᠶᠤᠮ ᠴᠢᠨᠢ ᠶᠠᠮᠠᠷ ᠠᠵᠢᠯ ᠶᠢᠡᠨ ᠣᠯᠴᠢᠬᠠᠬᠤ ᠪᠣᠢ》 ᠭᠠᠰᠢᠭᠤ ᠪᠠᠨ ᠳᠤᠭᠠᠴᠢᠭᠰᠠᠨ ᠳᠡᠭᠦᠰᠦᠭ᠍ᠰᠡᠨ ᠣᠶᠤᠳᠠᠨ ᠤ ᠥᠭᠡ ᠶᠢ ᠪᠢ ᠴᠢᠭᠢ ᠪᠠᠷ ᠶᠢᠡᠨ ᠰᠤᠨᠤᠰᠤᠭᠰᠠᠨ᠃ ᠶᠤᠰᠤᠳᠠᠢ ᠴᠤ ᠨᠢᠭᠡ ᠰᠤᠨᠢᠨ ᠶᠠᠭᠤᠮ᠎ᠠ ᠪᠣᠯᠵᠤ ᠪᠠᠢ᠌ᠨ᠎ᠠ ᠳ᠋ᠠ᠃

ᠭᠤᠷᠪᠠ

ᠬᠤᠷᠴᠢᠨ ᠨᠤᠳᠤᠭ ᠭᠡᠵᠤ ᠳᠠᠢ᠌ᠮᠤ ᠰᠠᠢ᠌ᠬᠠᠨ ᠳᠤᠮᠤᠭ ᠳᠤᠤᠯᠢᠰ ᠲᠡᠶ᠂ ᠰᠤᠶᠤᠯ ᠠᠷᠠᠠᠰᠢᠨ ᠲᠡᠶ᠂ ᠮᠤᠩᠭ᠋ᠤᠯ ᠰᠤᠶᠤᠯ ᠤᠨ ᠴᠢᠬᠤᠯᠠ ᠨᠢᠭᠡ ᠭᠤᠯᠤᠮᠳᠠ ᠮᠦᠨ᠃ ᠵᠠᠩ ᠠᠷᠠᠠᠰᠢᠨ ᠡᠴᠡ ᠪᠠᠨ ᠪᠢᠰᠢ᠂ ᠣᠷᠤᠰᠢᠨ ᠰᠠᠭᠤᠷᠢᠰᠢᠭᠰᠠᠨ ᠭᠠᠵᠠᠷ ᠣᠷᠤᠨ ᠶᠢᠡᠷ ᠶᠢᠡᠨ ᠰᠢᠳᠠᠭᠠᠯᠠᠭᠳᠠᠵᠤ ᠭᠦᠷᠰᠢ ᠭᠢᠳᠠᠤᠨ ᠲᠡᠶ ᠪᠠᠨ ᠣᠷᠳᠤ ᠬᠤᠭᠠᠴᠠᠭᠠᠨ᠎ᠠ ᠰᠤᠶᠤᠯ ᠤᠨ ᠠᠭᠤᠰᠤᠯᠴᠠᠭ᠎ᠠ (ᠰᠤᠶᠤᠯ ᠤᠨ ᠰᠤᠯᠢᠯᠴᠠᠭ᠎ᠠ ᠭᠡᠪᠠᠯ ᠡᠪ ᠲᠡᠶ ᠴᠤ ᠪᠣᠯᠪᠠ ᠊ᠤᠤ) ᠡᠭᠦᠰᠴᠤ᠂ ᠨᠢᠭᠡ ᠭᠡᠮᠵᠢᠶᠡᠨ ᠤ ᠭᠢᠳᠠᠤᠨ ᠮᠤᠩᠭ᠋ᠤᠯ ᠣᠶᠠᠯᠳᠤᠭᠰᠠᠨ ᠦᠪᠡᠷ ᠤᠨ ᠣᠠᠴᠠᠯᠢᠭ ᠲᠡᠶ ᠨᠢᠭᠡ ᠵᠣᠢ᠌ᠯ ᠤᠨ ᠬᠤᠷᠴᠢᠨ ᠤ ᠦᠨᠦᠷ ᠠᠮᠳᠠ ᠲᠡᠶ ᠰᠤᠶᠤᠯ ᠪᠦᠷᠢᠯᠳᠦᠭᠦ ᠨᠥᠭᠦᠴᠡᠯ ᠪᠣᠯᠵᠠᠢ᠃ ᠭᠡᠶ᠎ᠡ ᠡᠨᠡᠭᠦ ᠶᠡᠭᠡ ᠭᠢᠳᠠᠤᠨ ᠤᠨ ᠳᠤᠮᠤ ᠰᠤᠶᠤᠯ ᠤᠨ ᠰᠢᠬᠠᠯᠳᠠ ᠳᠤᠤᠷ᠎ᠠ ᠦᠪᠡᠷ ᠤᠨ ᠰᠤᠶᠤᠯ ᠶᠢᠡᠨ ᠠᠮᠠᠷ ᠪᠦᠳᠤᠨ ᠠᠪᠴᠤ ᠭᠠᠷᠤᠨ᠎ᠠ ᠭᠡᠭ᠍ᠴᠢ ᠠᠮᠠᠷ ᠦᠭᠡᠶ ᠠᠵᠤ᠃ ᠭᠡᠪᠠᠴᠤ ᠡᠨᠡ ᠪᠦᠭᠦᠳᠡ ᠶᠢᠨ ᠳᠤᠮᠳᠠ ᠡᠴᠡ ᠦᠪᠡᠷ ᠤᠨ ᠰᠤᠶᠤᠯ ᠶᠢᠡᠨ ᠬᠠᠮᠠᠭᠠᠯᠠᠵᠤ᠂ ᠠᠷᠭ᠎ᠠ ᠦᠭᠡᠶ ᠪᠠᠢ᠌ᠳᠠᠯ ᠳᠤᠤᠷ᠎ᠠ ᠴᠤ ᠭᠢᠳᠠᠤᠨ ᠰᠤᠶᠤᠯ ᠲᠡᠶ ᠣᠶᠠᠯᠳᠤᠭᠤᠯᠵᠤ ᠨᠢᠭᠡᠳᠦᠭ᠍ᠰᠡᠨ ᠣᠠᠴᠠᠯᠢᠭ ᠲᠡᠶ ᠰᠤᠶᠤᠯ ᠢ ᠭᠦᠭ᠍ᠵᠢᠭᠦᠯᠤᠨ᠎ᠡ ᠭᠡᠭ᠍ᠴᠢ ᠥᠨᠡᠭᠡᠷ ᠬᠤᠷᠴᠢᠨ ᠮᠤᠩᠭ᠋ᠤᠯᠴᠤᠳ ᠤᠨ ᠶᠠᠰᠤᠨ ᠳᠠᠮᠢᠷ᠂ ᠣᠶᠤᠨ ᠣᠬᠠᠭᠠᠨ ᠤ ᠭᠢᠨᠢ ᠰᠢᠯᠢᠳᠡᠭ᠌ ᠴᠢᠨᠠᠷ ᠢ ᠬᠠᠷᠠᠭᠤᠯᠵᠤ ᠪᠠᠢ᠌ᠭ᠎ᠠ ᠶᠤᠮ᠃ ᠭᠠᠵᠠᠷ ᠣᠷᠤᠨ᠂ ᠨᠡᠢ᠌ᠭᠡᠮ ᠤᠨ ᠨᠥᠭᠦᠴᠡᠯ ᠰᠢᠯᠳᠠᠭᠠᠨ ᠨᠢ ᠡᠢ᠌ᠮᠤ ᠬᠤᠪᠢ ᠵᠠᠶᠠᠭ᠎ᠠ ᠲᠡᠶ ᠪᠣᠯᠭᠠᠵᠤ ᠬᠠᠶᠠᠭᠰᠠᠨ ᠶᠤᠮ ᠬᠣᠢ᠌ᠨ᠎ᠠ᠂ ᠭᠡᠷᠪᠡ ᠡᠨᠡ ᠣᠷᠤᠨ ᠳᠤ ᠬᠤᠷᠴᠢᠨ ᠡᠴᠡ ᠪᠣᠰᠤᠳ ᠠᠯᠢ ᠣᠷᠤᠨ ᠤ ᠮᠤᠩᠭ᠋ᠤᠯ ᠢᠷᠡᠭ᠍ᠰᠡᠨ ᠴᠤ ᠡᠢ᠌ᠮᠤ ᠲᠤᠬᠢᠶᠠᠯᠳᠤᠯ ᠯᠠᠪ ᠪᠠᠢ᠌ᠨ᠎ᠠ᠃ ᠦᠵᠦᠮᠤᠴᠢᠨ ᠢ ᠠᠪᠠᠴᠢᠭᠰᠠᠨ ᠴᠤ ᠡᠢ᠌ᠮᠤ᠂ ᠬᠠᠯᠬ᠎ᠠ ᠶᠢ ᠨᠤᠳᠤᠭᠰᠢᠭᠤᠯᠤᠭᠰᠠᠨ ᠴᠤ ᠮᠦᠨ ᠳᠠᠷᠠ ᠰᠠᠢ᠌ᠬᠠᠨ ᠨᠡᠭᠦᠳᠡᠯ ᠰᠤᠶᠤᠯ ᠨᠢ ᠭᠢᠳᠠᠤᠨ ᠰᠤᠶᠤᠯ ᠲᠡᠶ ᠠᠭᠤᠰᠤᠯᠴᠠᠬᠤ ᠯᠠ ᠭᠡᠷᠡᠭ᠌᠃ ᠭᠡᠪᠠᠴᠤ ᠵᠠᠩᠭᠢᠯᠠᠭ᠎ᠠ ᠨᠢ ᠡᠢ᠌ᠮᠤ ᠪᠠᠢ᠌ᠳᠠᠯ ᠳᠤ ᠶᠠᠭᠠᠭᠢᠵᠤ ᠪᠣᠳᠠᠳᠤ ᠠᠬᠤᠢ ᠳᠤ ᠬᠠᠠᠳᠤᠨ᠎ᠠ ᠭᠡᠳᠡᠭ᠌ ᠠᠰᠠᠭᠤᠳᠠᠯ ᠪᠣᠯᠤᠨ᠎ᠠ᠃

ᠡᠢ᠌ᠡᠭᠦ ᠪᠣᠳᠠᠳᠤ ᠠᠬᠤᠢ ᠶᠢᠨ ᠳᠤᠮᠳᠠ ᠡᠷᠳᠡ ᠦᠶ᠎ᠡ ᠶᠢᠨ ᠬᠤᠷᠴᠢᠨ ᠮᠤᠩᠭ᠋ᠤᠯᠴᠤᠳ ᠤᠨ ᠳᠤᠮᠳᠠ ᠦᠨᠳᠦᠰᠦᠳᠠᠨ᠂ ᠰᠤᠶᠤᠯ ᠭᠡᠮᠡᠭᠦ ᠳᠤᠮᠤ ᠣᠬᠠᠭᠳᠠᠬᠤᠨ ᠪᠦᠷᠢᠯᠳᠤᠨ ᠳᠤᠭᠳᠠᠨᠢᠭᠰᠠᠨ ᠪᠠᠢ᠌ᠨ᠎ᠠ᠃ ᠣᠴᠢᠷ ᠨᠢ ᠳᠠᠳᠠ ᠳᠤᠮᠤ ᠦᠨᠳᠦᠰᠦᠳᠠᠨ ᠤ ᠰᠤᠶᠤᠯ ᠤᠨ ᠳᠦᠷᠢᠯᠳᠠ᠂ ᠦᠨᠳᠦᠰᠦᠳᠠᠨ ᠤ ᠵᠦᠷᠢᠴᠠᠯ ᠵᠡᠷᠭᠡ ᠶᠢ ᠰᠠᠷᠠᠵᠤ ᠮᠡᠳᠡᠭ᠍ᠰᠡᠨ ᠡᠴᠡ ᠣᠢ᠌ᠷ᠎ᠠ ᠦᠶ᠎ᠡ ᠶᠢᠨ ᠳᠡᠦᠭᠡᠨ ᠳᠤ 《ᠵᠢᠷᠢᠮ ᠤᠨ ᠴᠢᠭᠤᠯᠭᠠᠨ》᠂ 《ᠵᠤᠰᠤᠳᠤ ᠶᠢᠨ ᠴᠢᠭᠤᠯᠭᠠᠨ》 ᠡᠴᠡ ᠮᠠᠰᠢ ᠣᠯᠠᠨ ᠡᠷᠳᠡᠮᠳᠡᠨ᠂ ᠪᠢᠴᠢᠭ᠍ᠳᠡᠨ᠂ ᠪᠠᠭᠠᠳᠤᠷ ᠭᠦᠮᠦᠰ ᠴᠤᠯᠭᠤᠷᠠᠭᠰᠠᠨ ᠢ ᠭᠡᠨ ᠠᠠᠳᠤᠬᠤ ᠪᠢᠯᠠ᠃ ᠦᠨᠳᠦᠰᠦᠳᠠᠨ ᠤ ᠪᠠᠨ ᠰᠤᠶᠤᠯ ᠣᠬᠠᠮᠰᠠᠷ ᠢ ᠳᠡᠭᠡᠭ᠍ᠰᠢᠯᠡᠭᠦᠯᠤᠨ᠂ ᠪᠢᠳᠠᠭᠤ ᠮᠤᠩᠬᠠᠭ ᠡᠴᠡ ᠳᠠᠭᠤᠳᠠᠵᠤ ᠰᠡᠷᠢᠭᠡᠭᠦ ᠶᠢᠨ ᠳᠦᠯᠦᠭᠡ ᠢᠠᠵᠠᠠᠨᠠᠰᠢ᠂ ᠭᠦᠯᠡᠷᠡᠡᠽᠠ᠂ ᠬᠠᠰᠪᠣ᠂ ᠭᠦᠩᠰᠡᠡᠨᠦᠷᠪᠦ᠂ ᠬᠠᠢ᠌ᠱᠠᠨ ᠸᠠᠩ ᠭᠡᠵᠤ ᠣᠯᠠᠨ ᠣᠯᠠᠨ ᠠᠭᠤᠤ ᠶᠡᠭᠡ ᠭᠦᠮᠦᠰ ᠪᠣᠰᠤᠭᠰᠠᠨ᠃ ᠦᠪᠡᠷ ᠤᠨ ᠭᠠᠵᠠᠷ ᠨᠤᠳᠤᠭ ᠶᠢᠡᠨ ᠪᠣᠰᠤᠳ ᠤᠨ ᠭᠠᠷ ᠲᠤ ᠠᠯᠳᠠᠬᠤ ᠦᠭᠡᠶ ᠶᠢᠨ ᠳᠦᠯᠦᠭᠡ᠂ ᠦᠨᠳᠦᠰᠦᠳᠠᠨ ᠶᠢᠡᠨ ᠳᠤᠰᠠᠭᠠᠷ ᠳᠤᠭᠳᠠᠨᠢᠭᠤᠯᠬᠤ ᠶᠢᠨ ᠳᠦᠯᠦᠭᠡ ᠠᠮᠢ ᠪᠠᠨ ᠴᠦᠯᠠᠵᠤ ᠪᠣᠰᠤᠭᠰᠠᠨ ᠭᠠᠳᠠ ᠮᠠᠢ᠌ᠷᠠᠨ᠂ ᠳᠤᠭᠳᠠᠬᠤ᠂ ᠪᠠᠪᠣᠵᠠᠪ᠂ ᠳᠠᠮᠤᠷᠪᠠᠭᠠᠨ᠎ᠠ᠂ ᠠᠰᠬᠠᠨ᠂ ᠬᠠᠹᠤᠢᠩᠭ᠎ᠠ ᠨᠡᠷ ᠴᠤ ᠪᠣᠢ᠃ ᠳᠠᠳᠠ ᠪᠦᠭᠦᠳᠡ ᠶᠢᠨ ᠭᠢᠳᠠᠯ ᠪᠦᠭᠦᠨ ᠪᠦᠷ ᠦᠪᠡᠷ ᠤᠨ ᠭᠢᠮᠤᠷᠠᠯ ᠳᠤ ᠣᠴᠠᠷᠠᠭᠰᠠᠨ ᠬᠤᠷᠴᠢᠨ ᠮᠤᠩᠭ᠋ᠤᠯ ᠤᠨ ᠶᠢᠡᠨ ᠳᠦᠯᠦᠭᠡ᠂ ᠬᠠᠷᠢ ᠦᠨᠳᠦᠰᠦᠳᠠᠨ ᠤ ᠰᠤᠶᠤᠯ᠂ ᠡᠵᠡᠷᠭᠡᠭᠯᠡᠯ ᠤᠨ ᠭᠠᠢ ᠬᠠᠷᠠᠬᠠᠨ ᠭᠦᠷᠦᠭᠡ ᠦᠭᠡᠶ ᠪᠣᠰᠤᠳ ᠮᠤᠩᠭ᠋ᠤᠯᠴᠤᠳ ᠤᠨ ᠶᠢᠡᠨ ᠳᠦᠯᠦᠭᠡ᠂ ᠪᠦᠭᠦᠢᠯᠡ ᠮᠤᠩᠭ᠋ᠤᠯ ᠣᠷᠤᠨ ᠤ ᠪᠠᠨ ᠳᠦᠯᠦᠭᠡ ᠶᠤᠮ᠃ ᠭᠡᠭᠦ ᠳᠡᠭᠡᠨ ᠳᠡᠦᠭᠡ ᠪᠣᠯ ᠳᠡᠦᠭᠡ᠂ ᠣᠳᠤ ᠪᠣᠯ ᠣᠳᠤ᠃ ᠨᠢᠭᠡᠨᠲᠡ ᠳᠠᠷᠠ ᠭᠤᠨᠢᠭ ᠭᠤᠳᠤᠷᠠᠩᠭ᠋ᠤᠢ ᠳᠡᠦᠭᠡ ᠡᠴᠦᠰᠯᠡᠵᠤ᠂ ᠰᠢᠨ᠎ᠡ ᠭᠦᠭ᠍ᠵᠢᠯ ᠤᠨ ᠦᠶ᠎ᠡ ᠣᠷᠤᠭᠰᠠᠨ ᠶᠤᠮ ᠬᠣᠢ᠌ᠨ᠎ᠠ ᠪᠢᠳᠠ ᠨᠢᠭᠡᠨ ᠤ ᠪᠠᠨ ᠮᠠᠭᠤ ᠶᠢ ᠥᠵᠡᠭᠦ ᠴᠤ ᠶᠠᠭᠤᠨ᠂ ᠦᠪᠡᠷ ᠤᠨ ᠳᠤ ᠪᠠᠨ ᠭᠤᠳᠤᠷᠠᠬᠤ ᠴᠤ ᠶᠠᠭᠤᠨ᠃ ᠥᠪᠦᠷᠯᠡᠭ᠍ᠴᠢᠳ ᠤᠨ ᠬᠠᠮᠤᠭ ᠮᠠᠭᠤᠬᠠᠢ ᠵᠠᠩᠰᠢᠯ ᠪᠣᠯ ᠨᠢᠭᠡᠨ ᠨᠢᠭᠡᠨ ᠤ ᠪᠠᠨ ᠮᠠᠭᠤ ᠶᠢ ᠦᠵᠡᠵᠤ ᠡᠯᠭᠡᠯᠡᠵᠤ ᠱᠤᠭᠯᠠᠬᠤ ᠭᠡᠷᠡᠭ᠌᠃ ᠶᠠᠯᠢᠮ ᠦᠭᠡᠶ ᠣᠴᠢᠷ ᠲᠤ ᠬᠤᠭᠤᠷᠤᠠᠳᠤ ᠪᠠᠨ ᠵᠡᠭᠦᠨ ᠪᠠᠷᠠᠭᠤᠨ ᠭᠡᠵᠤ ᠨᠤᠳᠤᠭ ᠬᠤᠪᠢᠶᠠᠨ᠂ ᠠᠶᠠᠯᠠᠭ᠎ᠠ ᠬᠤᠪᠢᠶᠠᠵᠤ ᠠᠳᠠᠯᠠᠯᠴᠠᠨ᠎ᠠ᠃ ᠦᠪᠣᠷ ᠮᠤᠩᠭ᠋ᠤᠯ ᠣᠷᠤᠨ ᠳᠠᠭᠠᠨ ᠭᠡᠳᠥᠢᠭᠡᠨ ᠮᠤᠩᠭ᠋ᠤᠯ ᠲᠡᠶ ᠭᠡᠮᠡᠨ ᠳᠡᠭᠡᠵᠤ ᠣᠭᠤᠳᠠᠨ ᠳᠤ ᠣᠷᠤᠭᠰᠠᠨ ᠢᠮᠠᠭᠠᠨ ᠡᠪᠠᠷ ᠰᠢᠭ᠌ ᠪᠣᠯᠬᠤ ᠨᠢ ᠪᠣᠢ︖ ᠬᠠᠷᠢᠨ ᠳᠡᠭᠡᠭᠦ ᠶᠢᠨ ᠣᠷᠤᠨ ᠳᠤ ᠰᠠᠢ᠌ᠨ ᠶᠢᠡᠨ ᠰᠤᠯᠢᠯᠴᠠᠵᠤ ᠳᠤᠳᠠᠭᠳᠠᠯ ᠶᠢᠡᠨ ᠬᠠᠯᠠᠨ ᠰᠠᠢ᠌ᠵᠢᠷᠠᠭᠤᠯᠵᠤ᠂ ᠨᠢᠭᠡ ᠨᠢᠭᠡᠨ ᠳᠡᠭᠡᠨ ᠳᠤᠰᠠ ᠳᠠᠮᠵᠢ ᠪᠣᠯᠵᠤ ᠶᠠᠪᠣᠬᠤ ᠨᠢ ᠶᠠᠭᠤᠨ ᠡᠴᠡ ᠴᠤ ᠴᠢᠬᠤᠯᠠ ᠪᠣᠢ᠃


ᠵᠤᠬᠢᠶᠠᠭᠴᠢ ᠶᠢᠨ ᠬᠠᠶ‍ᠢᠭ ᠄ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠪᠤᠷᠵᠢᠭᠢᠨ·ᠴᠡᠩᠭᠡᠷ ᠡᠪᠡᠰᠦ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12126
ᠴᠠᠭ᠄ 2011 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ