ᠨᠡᠪᠲᠡᠷᠡᠨ ᠤᠷᠤᠬᠤ
ᠰᠡᠳᠭᠢᠯ ᠤᠨ ᠭᠡᠭᠡᠨ ᠬᠤᠨᠤᠭ ᠳᠤᠭᠠᠯᠠᠵᠤ ᠁

ᠨᠠᠮᠤᠷ ᠤᠨ ᠭᠠᠯᠠᠭᠤᠳ ᠵᠡᠯᠡᠯᠡᠭᠦ ᠪᠠᠷ

ᠭᠤᠨᠢᠭ ᠤᠨ ᠳᠠᠭᠤᠤ ᠠᠶᠠᠷᠯᠠᠬᠤ ᠰᠢᠭ

ᠨᠠᠪᠴᠢᠰ ᠨᠢ ᠰᠢᠷᠠᠯᠠᠭᠰᠠᠨ ᠠᠶᠠᠯᠭᠤ ᠪᠠᠨ

ᠨᠠᠭᠤᠷ ᠤᠨ ᠰᠢᠪᠠᠭᠤ ᠭᠢᠩᠰᠢᠭᠦ ᠰᠢᠭ᠌  


ᠭᠦᠯ ᠭᠦᠷᠭᠦ ᠦᠭᠡᠶ ᠬᠤᠯᠠ ᠳᠤ

ᠬᠠᠷᠠᠬᠠᠨ ᠮᠠᠯᠮᠠᠢ ᠳᠤᠰᠬᠤ ᠰᠢᠭ  

ᠬᠠᠷᠠᠴᠠ ᠨᠢ ᠭᠦᠷᠭᠦ ᠦᠭᠡᠶ ᠭᠠᠵᠠᠷ  

ᠬᠠᠢ᠌ᠷᠠᠬᠠᠨ ᠰᠡᠳᠭᠢᠯ ᠭᠦᠷᠭᠦ ᠰᠢᠭ᠌  


ᠥᠨᠢ ᠬᠤᠯᠠ ᠶᠢᠨ ᠪᠣᠯᠵᠤᠭ᠎ᠠ ᠳᠤ

ᠨᠣᠢ᠌ᠳᠠᠨ ᠰᠤᠷᠮᠤᠤᠰᠤ ᠴᠠᠩᠳᠤᠭᠤᠯᠵᠤ  

ᠨᠥᠮᠵᠦᠭ᠌ ᠰᠡᠳᠭᠢᠯ ᠤᠨ ᠠᠯᠠᠭᠠᠨ ᠳ᠋ᠤ  

ᠨᠠᠮᠤᠷ ᠤᠨ ᠪᠣᠷᠤᠭᠠᠨ ᠵᠥᠰᠡᠷᠡᠭᠦᠯᠵᠤ    


ᠨᠡᠷᠡᠨ ᠤ ᠰᠢᠷᠭᠠᠯ ᠰᠤᠷᠠᠭ ᠵᠢᠠᠷ  

ᠬᠤᠯᠠ ᠶᠢᠨ ᠴᠡᠩᠭᠡᠷ ᠮᠦᠷᠦᠭᠡᠳᠦᠯ ᠬᠠᠢ᠌ᠵᠤ  

ᠬᠠᠢ᠌ᠷ᠎ᠠ ᠶᠢᠨ ᠵᠡᠭᠦᠳᠤ ᠪᠠᠷ ᠡᠷᠭᠡᠯᠡᠨ ᠰᠡᠷᠢᠭᠦ

ᠰᠡᠳᠭᠢᠯ ᠤᠨ ᠭᠡᠭᠡᠨ ᠬᠤᠨᠤᠭ ᠳᠤᠭᠠᠯᠠᠵᠤ ᠁               


2011.09.02


ᠵᠤᠬᠢᠶᠠᠭᠴᠢ ᠶᠢᠨ ᠬᠠ‍‌ᠶᠢᠭ ᠄ ᠣᠯᠭᠠᠠᠬᠠᠳᠠ ᠬᠤᠳᠠ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 10 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ