ᠨᠡᠪᠲᠡᠷᠡᠨ ᠤᠷᠤᠬᠤ
ᠰᠢᠵᠢᠷ ᠳᠠᠩᠭᠢᠰ ︕ ᠳᠠᠯ᠎ᠠ ᠶᠢᠨ ᠴᠥᠭᠦᠷᠦᠮ

ᠨᠤᠤᠷᠠᠭᠠᠢ ᠭᠤᠤᠯ ᠤᠨ ᠣᠰᠤᠨ ᠳᠤ

ᠨᠤᠭᠳᠤ ᠬᠠᠵᠠᠭᠠᠷ ᠳᠠᠭᠠᠷᠠᠭᠤᠯᠵᠤ᠂

ᠨᠤᠮᠤᠬᠠᠨ ᠰᠠᠷᠠᠯ ᠮᠤᠷᠢ ᠪᠠᠨ ᠰᠢᠭ

ᠨᠤᠭᠤᠭᠠᠨ ᠳᠠᠯ᠎ᠠ ᠵᠥᠭ᠌ ᠭᠦᠳᠦᠯᠵᠤ᠂

ᠴᠥᠩᠭᠦᠯ ᠤᠨ ᠬᠤᠩᠬᠤᠷ ᠲᠤ ᠣᠷᠤᠭᠤᠯᠵᠤ

ᠴᠢᠳᠤᠷᠯᠠᠵᠤ ᠠᠪᠣᠭᠠᠤᠨ ᠳᠤᠭᠳᠠᠭᠠᠵᠠᠢ᠂

ᠴᠡᠭᠡ ᠪᠢᠯᠬᠠᠭᠰᠠᠨ ᠬᠤᠠᠳᠠᠭ᠎ᠠ ᠰᠢᠭ

ᠴᠡᠩᠭᠡᠷ ᠨᠠᠭᠤᠷ ᠨᠢ ᠳᠤᠨᠤᠷᠠᠵᠠᠢ᠂

ᠠᠩᠭᠢᠷ ᠰᠢᠷ᠎ᠠ ᠭᠠᠯᠠᠭᠤ ᠨᠤᠭᠤᠳ

ᠨᠠᠭᠤᠷ ᠳ᠋ᠤᠨᠢ ᠬᠤᠷᠭᠤᠰᠢᠭᠠᠤᠨ ᠨᠢᠰᠳᠡᠭ᠌ ᠦᠭᠡᠶ ᠭᠡᠨ᠎ᠡ᠂

ᠠᠯᠳᠠᠨ ᠬᠠᠢ᠌ᠷ ᠲᠡᠶ ᠵᠢᠭᠠᠰᠤ ᠤᠳ ᠨᠢ

ᠢᠷᠮᠡᠭ᠌ ᠲᠤᠨᠢ ᠨᠤᠳᠤᠭᠰᠢᠭᠠᠤᠨ ᠵᠠᠢ᠌ᠳᠠᠳᠠᠭ ᠦᠭᠡᠶ ᠭᠡᠨ᠎ᠡ᠂

ᠣᠭᠤᠨᠤ ᠰᠢᠷᠠᠭᠴᠢᠨ ᠬᠠᠶᠠ ᠬᠠᠶᠠ

ᠣᠰᠤᠨ ᠳ᠋ᠤᠨᠢ ᠳᠤᠷᠠᠯᠠᠭᠠᠤᠨ ᠡᠷᠭᠢᠴᠡᠳᠡᠭ᠌ ᠭᠡᠨ᠎ᠡ᠂

ᠠᠭᠤᠯᠠ ᠶᠢᠨ ᠭᠦᠷᠦᠭᠡᠰᠤ ᠠᠷᠪᠠ ᠳᠠᠪᠣ ᠪᠠᠷ

ᠦᠨᠵᠢᠵᠤ ᠬᠤᠨᠤᠭᠠᠤᠨ ᠪᠣᠴᠠᠳᠠᠭ ᠭᠡᠨ᠎ᠡ᠂

ᠮᠠᠯᠴᠢᠳ ᠤᠨ ᠭᠦᠯᠦᠰᠤ ᠬᠤᠷᠬᠠᠰᠠᠨ

ᠮᠠᠩᠨᠤᠭ ᠳᠠᠯ᠎ᠠ ᠶᠢᠨ ᠴᠥᠭᠦᠷᠦᠮ ᠡ ︕

ᠮᠢᠨᠤ ᠬᠤᠩᠭ᠋ᠤᠷ ᠤᠨ ᠨᠢᠳᠤ ᠰᠢᠭ

ᠮᠡᠯᠳᠡᠭᠡᠨᠡᠵᠤ᠂ ᠳᠤᠷᠮᠤᠯᠵᠠᠬᠤ ᠳᠠᠩᠭᠢᠰ ᠡ ︕

ᠳᠠᠯ᠎ᠠ ᠶᠢᠨ ᠮᠠᠯᠴᠢᠳ ᠤᠨ ᠠᠮᠢᠳᠤᠷᠠᠯ ᠳᠤ

ᠳᠠᠷᠠᠭ ᠪᠣᠯᠵᠤ ᠭᠦᠭᠡᠰᠦᠷᠡᠪᠠᠤ ᠭᠡᠪᠠᠯ᠂

ᠪᠠᠶᠠᠨ ᠰᠠᠷᠠᠭᠤᠯ ᠳᠠᠯ᠎ᠠ ᠨᠤᠳᠤᠭ ᠤᠨ ᠶᠢᠡᠨ

ᠪᠠᠳᠠᠷᠠᠯ ᠪᠣᠯᠵᠤ ᠴᠡᠩᠭᠡᠷᠯᠡᠪᠠᠤ ᠭᠡᠪᠠᠯ

ᠵᠢᠭᠠᠰᠤ᠂ ᠮᠡᠯᠡᠭᠡᠢ ᠶᠢᠨ ᠳᠡᠭᠡᠵᠢ ᠶᠢ ᠨᠢ

ᠵᠢᠩᠰᠠ ᠵᠡᠷᠭᠡᠳᠡᠳ ᠵᠤᠭᠤᠭᠯᠠᠭᠰᠠᠨ ᠡᠴᠡ ᠪᠢᠰᠢ᠂

ᠵᠠᠬ᠎ᠠ ᠪᠠᠷ ᠨᠢ ᠰᠠᠭᠤᠭᠰᠠᠨ ᠮᠠᠯᠴᠢᠳ

ᠵᠢᠭᠠᠬᠠᠨ ᠴᠤ ᠣᠯᠵᠤ ᠭᠦᠷᠳᠡᠭ᠍ᠰᠡᠨ ᠦᠭᠡᠶ ᠭᠡᠨ᠎ᠡ᠂

ᠭᠡᠯᠳᠡᠭᠡ᠂ ᠮᠥᠷᠭᠦ᠂ ᠵᠢᠭᠠᠰᠤ ᠶᠢ ᠨᠢ

ᠭᠡᠳᠦᠭᠡᠨ ᠭᠦᠮᠦᠰ ᠡᠵᠡᠯᠡᠭ᠍ᠰᠡᠨ ᠡᠴᠡ ᠪᠢᠰᠢ᠂

ᠭᠦᠪᠠᠭᠡ ᠶᠢ ᠨᠢ ᠳᠠᠭᠠᠭᠰᠠᠨ ᠮᠠᠯᠴᠢᠳ

ᠭᠡᠰᠢᠭ᠌ ᠶᠢ ᠨᠢ ᠣᠯᠵᠤ ᠠᠮᠠᠰᠠᠭᠰᠠᠨ ᠦᠭᠡᠶ ᠭᠡᠨ᠎ᠡ᠂

ᠥᠩᠭᠡ ᠶᠢᠨ ᠪᠣᠳᠤᠭ ᠳᠦᠷᠭᠢᠯ ᠦᠭᠡᠶ

ᠦᠨᠳᠦᠷ ᠳᠡᠭ᠍ᠷᠢ ᠲᠡᠶ ᠢᠵᠢᠯᠭᠡᠨ᠂

ᠨᠤᠳᠤᠭ ᠤᠨ ᠭᠦᠮᠦᠰ ᠤᠨ ᠰᠡᠳᠭᠢᠯ ᠰᠢᠭ᠌

ᠨᠤᠮᠤᠬᠠᠨ ᠳᠤᠯᠭᠢᠨ ᠴᠥᠭᠦᠷᠦᠮ ᠡ ︕

ᠮᠤᠩᠭ᠋ᠤᠯ ᠣᠷᠤᠨ ᠳᠠᠭᠠᠨ ᠭᠡᠷᠡᠭ᠍ᠴᠡᠭᠡ ᠲᠡᠶ ᠪᠣᠯ

ᠮᠥᠩᠭᠦᠨ ᠠᠶᠠᠭᠠᠨ ᠳᠠᠭᠠᠨ ᠪᠢᠯᠬᠠᠭ ︕

ᠮᠠᠯᠴᠢᠨ ᠠᠷᠠᠤᠨ ᠳᠠᠭᠠᠨ ᠭᠡᠷᠡᠭ᠌ ᠦᠭᠡᠶ ᠪᠣᠯ

ᠮᠠᠩᠬᠠᠨ ᠴᠥᠩᠭᠦᠯ ᠳᠡᠭᠡᠨ ᠰᠢᠷᠭᠡᠭ᠌ ︕

ᠠᠳᠠᠷ ᠳᠠᠯ᠎ᠠ ᠳᠠᠭᠠᠨ ᠠᠰᠢᠭ ᠲᠡᠶ ᠪᠣᠯ

ᠠᠯᠳᠠᠨ ᠬᠤᠠᠳᠠᠭᠠᠨ ᠳᠠᠭᠠᠨ ᠠᠰᠠᠬᠠᠷᠠᠭ᠂

ᠠᠷᠠᠤᠨ ᠲᠦᠮᠡᠨ ᠳᠡᠭᠡᠨ ᠭᠡᠷᠡᠭ᠍ᠴᠡᠭᠡ ᠦᠭᠡᠶ ᠪᠣᠯ

ᠠᠮᠠᠰᠠᠷ ᠨᠢ ᠰᠡᠳᠡᠷᠡᠭᠡᠳ ᠥᠶᠡᠷᠯᠡᠭ᠌ ︕


ᠵᠤᠬᠢᠶᠠᠭᠴᠢ ᠶᠢᠨ ᠬᠠᠶ‍ᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2937
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ