☆ ᠭᠤ᠋·ᠮᠥᠩᠭᠡ
ᠮᠥᠩᠭᠡ ᠭᠠᠯ
ᠮᠠᠯᠴᠢᠨ ᠠᠢ᠌ᠯ ᠤᠨ ᠭᠤᠯᠤᠮᠳᠠ ᠡᠴᠡ
ᠣᠩᠭ᠋ᠤᠤᠠᠴᠤ ᠰᠢᠳᠠᠭᠰᠠᠨ ᠮᠥᠩᠭᠡ ᠭᠠᠯ
ᠮᠠᠯ ᠤᠨ ᠨᠤᠭᠤᠭᠠᠨ ᠬᠤᠷᠭᠤᠯ ᠡᠴᠡ
ᠣᠳᠤᠭ᠎ᠠ ᠨᠢ ᠮᠠᠨᠠᠷᠠᠭᠰᠠᠨ ᠮᠥᠩᠭᠡ ᠭᠠᠯ
ᠭᠦᠯᠦᠭ᠌ ᠤᠨ ᠬᠤᠷᠳᠤᠨ ᠬᠠᠳᠠᠷᠢᠶᠠᠨ ᠡᠴᠡ
ᠴᠤᠭᠯᠠᠵᠤ ᠭᠢᠯᠠᠯᠵᠠᠭᠰᠠᠨ ᠮᠥᠩᠭᠡ ᠭᠠᠯ
ᠭᠦᠳᠡᠯᠮᠦᠷᠢ ᠶᠢᠨ ᠠᠷᠢᠭᠤᠨ ᠢᠯᠴᠢ ᠡᠴᠡ
ᠴᠠᠭᠢᠯᠵᠤ ᠭᠦᠭ᠍ᠵᠢᠭ᠍ᠰᠡᠨ ᠮᠥᠩᠭᠡ ᠭᠠᠯ
ᠠᠷᠠᠤᠨ ᠤᠨ ᠠᠮᠠᠨ ᠢᠷᠦᠭᠡᠯ ᠡᠴᠡ
ᠠᠰᠠᠨ ᠳᠦᠷᠡᠯᠵᠡᠭ᠍ᠰᠡᠨ ᠮᠥᠩᠭᠡ ᠭᠠᠯ
ᠠᠳᠠᠷ ᠤᠨ ᠬᠠᠷᠠᠩᠭ᠋ᠤᠢ ᠰᠦᠨᠢ ᠳᠤ
ᠠᠶᠤᠳᠠᠰᠤ ᠥᠷᠭᠦᠭᠡᠳᠡᠭ᠌ ᠮᠥᠩᠭᠡ ᠭᠠᠯ
ᠰᠠᠷᠠᠨ ᠤ ᠮᠥᠩᠭᠦᠨ ᠳᠤᠶᠠᠭᠠᠨ ᠳᠤ
ᠭᠢᠯᠪᠠᠭ᠎ᠠ ᠪᠠᠨ ᠬᠠᠢ᠌ᠷᠠᠯᠠᠭᠰᠠᠨ ᠮᠥᠩᠭᠡ ᠭᠠᠯ
ᠰᠠᠷᠠᠭᠤᠯ ᠳᠠᠯ᠎ᠠ ᠶᠢᠨ ᠦᠷᠦᠴᠠᠨ ᠳᠤ
ᠭᠢᠯᠠᠯᠵᠠᠨ ᠪᠠᠢ᠌ᠭ᠎ᠠ ᠮᠥᠩᠭᠡ ᠭᠠᠯ
ᠡᠨᠡ ᠭᠠᠯ — ᠵᠡᠭᠦᠳᠤᠨ ᠳᠤ ᠳᠦᠷᠡᠯᠵᠡᠨ᠎ᠠ
ᠡᠨᠡ ᠭᠠᠯ — ᠵᠢᠷᠦᠭᠡᠨ ᠳᠤ ᠨᠤᠴᠤᠨ᠎ᠠ
ᠡᠨᠡ ᠭᠠᠯ — ᠣᠳᠤᠷ ᠲᠤ ᠠᠰᠠᠨ᠎ᠠ
ᠡᠨᠡ ᠭᠠᠯ — ᠣᠳᠤᠮ ᠳᠤ ᠵᠠᠯᠭᠠᠨ᠎ᠠ
《ᠮᠥᠩᠭᠡ ᠳᠡᠭ᠍ᠷᠢ》 ᠵᠢᠨ ᠬᠠᠶᠠᠭᠠᠨ ᠡᠴᠡ
ᠣᠩᠭ᠋ᠤᠳᠤᠨ ᠳᠦᠷᠡᠯᠵᠡᠭ᠍ᠰᠡᠨ ᠮᠥᠩᠭᠡ ᠭᠠᠯ
《ᠮᠥᠩᠭᠡ ᠠᠷᠴᠠ》 ᠵᠢᠨ ᠦᠨᠳᠦᠰᠦᠨ ᠡᠴᠡ
ᠣᠷᠭᠤᠨ ᠰᠤᠶᠤᠭᠠᠯᠠᠭᠰᠠᠨ ᠮᠥᠩᠭᠡ ᠭᠠᠯ
ᠴᠠᠰᠤᠳᠤ ᠺᠦᠠᠯᠤᠢᠨ ᠤ ᠣᠷᠤᠢ ᠳᠡᠭᠡᠷ᠎ᠡ ᠡᠴᠡ
ᠳᠡᠭ᠍ᠷᠢ ᠶᠢᠨ ᠣᠳᠤᠳ ᠲᠡᠶ ᠮᠥᠴᠡᠭᠡᠷᠭᠡᠨ ᠭᠢᠯᠠᠯᠵᠠᠭᠰᠠᠨ
ᠳᠦᠳᠡᠭ᠌ ᠤᠨ ᠭᠢᠯᠪᠠᠭ᠎ᠠ ᠲᠡᠶ ᠮᠥᠩᠭᠡ ᠭᠠᠯ
ᠴᠠᠢ᠌ᠳᠠᠮ ᠬᠤᠳᠤᠭᠤᠷ ᠤᠨ ᠢᠷᠤᠭᠠᠷ ᠳᠡᠭᠡᠷᠡᠭᠢ
ᠳᠦᠨᠠᠷ ᠬᠠᠷᠠᠩᠭ᠋ᠤᠢ ᠳᠤ ᠴᠤᠭᠰᠢᠨ ᠰᠢᠳᠠᠭᠰᠠᠨ
ᠵᠤᠯᠠ ᠶᠢᠨ ᠭᠡᠭᠡ ᠮᠥᠩᠭᠡ ᠭᠠᠯ
ᠠᠮᠠᠷᠠᠭ ᠬᠤᠶᠠᠷ ᠤᠨ ᠨᠢᠭᠤᠴᠠ ᠰᠢᠪᠠᠨᠡᠭᠡ ᠳᠤ
ᠬᠠᠢ᠌ᠷ᠎ᠠ ᠨᠡᠮᠡᠭ᠍ᠰᠡᠨ ᠦᠨᠢᠳᠠ ᠶᠢᠨ ᠵᠢᠷᠭᠠᠯ ᠮᠥᠩᠭᠡ ᠭᠠᠯ
ᠠᠮᠢᠳᠤᠷᠠᠯ ᠤᠨ ᠪᠠᠷᠭᠡ ᠠᠶᠠᠨ ᠤ ᠵᠠᠮ ᠳᠤ
ᠬᠠᠷᠠᠭ᠎ᠠ ᠨᠢ ᠪᠣᠯᠤᠭᠰᠠᠨ ᠡᠭᠦᠷᠢᠳᠡ ᠶᠢᠨ ᠭᠡᠭᠡ ᠮᠥᠩᠭᠡ ᠭᠠᠯ
ᠣᠳᠤᠷ ᠤᠨ ᠭᠤᠷᠪᠠᠨ ᠴᠢᠯᠠᠭᠤᠨ ᠳᠤᠮᠳᠠ ᠡᠴᠡ
ᠳᠠᠷᠭᠢᠵᠤ ᠪᠣᠴᠠᠯᠤᠭᠰᠠᠨ ᠠᠶᠠᠨ ᠤ ᠴᠠᠢ ᠮᠥᠩᠭᠡ ᠭᠠᠯ
ᠣᠳᠤᠨ ᠰᠥᠷᠦᠭ᠌ ᠤᠨ ᠭᠢᠯᠪᠠᠭᠠᠨ ᠳᠤᠳᠤᠷ᠎ᠠ ᠡᠴᠡ
ᠳᠠᠭᠢᠵᠤ ᠡᠷᠢᠭ᠍ᠳᠡᠭᠦ ᠵᠡᠭᠦᠳᠤᠨ ᠤ ᠳᠤᠮᠤᠭ ᠮᠥᠩᠭᠡ ᠭᠠᠯ
ᠡᠨᠡ ᠭᠠᠯ — ᠰᠠᠭᠠᠯᠢ ᠲᠡᠶ ᠡᠩᠭᠡᠷ ᠡᠴᠡ ᠳᠦᠷᠡᠯᠵᠡᠨ᠎ᠠ
ᠡᠨᠡ ᠭᠠᠯ — ᠰᠦ᠋ ᠲᠡᠶ ᠳᠦᠷᠦᠭᠡᠨ ᠡᠴᠡ ᠭᠡᠷᠡᠯᠳᠦᠨ᠎ᠡ
ᠡᠨᠡ ᠭᠠᠯ — ᠰᠥᠷᠦᠭ᠌ ᠤᠨ ᠳᠤᠭᠤᠰᠤᠨ ᠡᠴᠡ ᠭᠢᠯᠠᠯᠵᠠᠨ᠎ᠠ
ᠡᠨᠡ ᠭᠠᠯ — ᠰᠦᠰᠦ ᠲᠡᠶ ᠵᠢᠷᠦᠭᠡᠨ ᠡᠴᠡ ᠮᠥᠩᠭᠡᠷᠡᠨ᠎ᠡ︕
ᠵᠤᠬᠢᠶᠠᠭᠴᠢ᠄ ᠭᠤ᠋·ᠮᠥᠩᠭᠡ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 2968
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ