ᠨᠡᠪᠲᠡᠷᠡᠨ ᠤᠷᠤᠬᠤ
ᠴᠢᠮ᠎ᠠ ᠶᠢ ᠮᠠᠷᠳᠠᠶ᠎ᠠ ᠭᠡᠭᠦ ᠳ᠋ᠤ

ᠴᠢᠮ᠎ᠠ ᠶᠢ ᠮᠠᠷᠳᠠᠶ᠎ᠠ ᠭᠡᠭᠦ ᠳ᠋ᠤ

ᠠᠭᠠᠯᠢᠨ ᠳᠤ ᠴᠢᠨᠢ

ᠠᠷᠪᠠᠨ ᠨᠢ᠌ᠮᠠᠨ ᠨᠠᠰᠤ

ᠪᠦᠮᠪᠦᠷᠢᠭᠡᠳ ᠢᠷᠠᠨ᠎ᠠ

ᠴᠢᠮ᠎ᠠ ᠶᠢ ᠮᠠᠷᠳᠠᠶ᠎ᠠ ᠭᠡᠭᠦ ᠳ᠋ᠤ

ᠠᠭᠠᠰᠢᠨ ᠳᠤ ᠴᠢᠨᠢ

《ᠠᠷᠪᠠᠨ ᠳᠠᠪᠤᠨ ᠤ ᠰᠠᠷ᠎ᠠ》

ᠣᠶᠠᠩᠭ᠋ᠠᠷᠠᠭᠠᠤᠨ ᠢᠷᠠᠨ᠎ᠠ

ᠴᠢᠮ᠎ᠠ ᠵᠢ

ᠰᠠᠨᠠᠬᠤ ᠦᠭᠡᠶ ᠭᠡᠭᠦ ᠳ᠋ᠤ

ᠰᠡᠮᠡᠷᠡᠭ᠍ᠰᠡᠨ ᠰᠡᠳᠭᠢᠯ ᠵᠢᠠᠨ

ᠬᠠᠪᠣᠵᠤ ᠳᠡᠢ᠌ᠯᠭᠦ ᠥᠭᠡᠢ

ᠴᠢᠮ᠎ᠠ ᠵᠢ

ᠵᠡᠭᠦᠳᠦᠯᠡᠭᠦ ᠦᠭᠡᠶ ᠭᠡᠭᠦ ᠳ᠋ᠤ

ᠨᠣᠢ᠌ᠷ ᠤᠨ ᠬᠠᠭᠠᠯᠭ᠎ᠠ

ᠲᠦᠯᠭᠢᠭᠦᠷ ᠶᠢᠡᠨ ᠨᠢᠭᠤᠵᠤ ᠳᠡᠢ᠌ᠯᠭᠦ ᠥᠭᠡᠢ

ᠴᠢᠮ᠎ᠠ ᠶᠢ

ᠬᠠᠷᠠᠬᠤ ᠦᠭᠡᠶ ᠭᠡᠭᠦ ᠳ᠋ᠤ

ᠴᠢᠨᠤ ᠶᠠᠪᠣᠭᠰᠠᠨ ᠵᠥᠭ᠌ ᠡᠴᠡ

ᠬᠠᠷᠠᠭ᠎ᠠ ᠪᠠᠨ ᠬᠠᠮᠢᠶᠠᠷᠴᠤ ᠳᠡᠢ᠌ᠯᠭᠦ ᠥᠭᠡᠢ

ᠴᠢᠨᠤ ᠲᠦᠯᠦᠭᠡ

ᠣᠭᠢᠯᠠᠬᠤ ᠦᠭᠡᠶ ᠭᠡᠭᠦ ᠳ᠋ᠤ

ᠨᠢᠳᠤᠨ ᠣᠬᠤᠷᠬᠠᠢ

ᠨᠢᠯᠪᠣᠰᠤ ᠪᠠᠨ ᠰᠠᠭᠠᠳᠤᠭᠤᠯᠵᠤ ᠳᠡᠢ᠌ᠯᠭᠦ ᠥᠭᠡᠢ


ᠴᠢᠮ᠎ᠡ ᠶᠢ ᠮᠠᠷᠳᠠᠶ᠎ᠠ ᠭᠡᠭᠦ ᠳᠤ

ᠣᠨ ᠵᠢᠯ ᠤᠨ

ᠬᠠᠭᠤᠴᠢᠷᠠᠭᠰᠠᠨ ᠨᠢᠭᠤᠷ

ᠥᠩᠭᠡ ᠪᠠᠨ ᠬᠠᠯᠠᠬᠤ ᠥᠭᠡᠢ

ᠴᠢᠮ᠎ᠠ ᠶᠢ ᠬᠠᠢ᠌ᠷᠠᠯᠠᠭᠰᠠᠨ ᠮᠢᠨᠢ

ᠨᠢᠭᠡᠨ ᠴᠠᠭ ᠤᠨ ᠵᠢᠷᠭᠠᠯ ᠴᠤ ᠶᠤᠮ ᠦᠦ ᠳ᠋ᠠ

ᠴᠢᠮᠠᠳᠤ ᠬᠠᠢ᠌ᠷᠠᠯᠠᠭᠳᠠᠭᠰᠠᠨ ᠦᠭᠡᠶ ᠮᠢᠨᠢ

ᠨᠢᠭᠡ ᠨᠠᠰᠤᠨ ᠤ ᠬᠠᠷᠠᠮᠰᠠᠯ ᠴᠤ ᠶᠤᠮ ᠦᠦ ᠳ᠋ᠠ

ᠴᠢᠮ᠎ᠠ ᠶᠢ ᠮᠠᠷᠳᠠᠶ᠎ᠠ ᠭᠡᠭᠦ ᠳ᠋ᠤ

ᠠᠭᠠᠯᠢᠨ ᠳᠤ ᠴᠢᠨᠢ

ᠠᠷᠪᠠᠨ ᠨᠢ᠌ᠮᠠᠨ ᠨᠠᠰᠤ

ᠪᠦᠮᠪᠦᠷᠢᠭᠡᠳ ᠢᠷᠠᠨ᠎ᠠ

ᠴᠢᠮ᠎ᠠ ᠶᠢ ᠮᠠᠷᠳᠠᠶ᠎ᠠ ᠭᠡᠭᠦ ᠳ᠋ᠤ

ᠠᠭᠠᠰᠢᠨ ᠳᠤ ᠴᠢᠨᠢ

《ᠠᠷᠪᠠᠨ ᠳᠠᠪᠤᠨ ᠤ ᠰᠠᠷ᠎ᠠ》

ᠣᠶᠠᠩᠭ᠋ᠠᠷᠠᠭᠠᠤᠨ ᠢᠷᠠᠨ᠎ᠠ

ᠵᠤᠬᠢᠶᠠᠭᠴᠢ᠄ ᠭᠦᠭᠡ᠊ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2655
ᠴᠠᠭ᠄ 2010 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ