☆ ᠪᠠᠶᠠᠭᠤᠳ ᠰᠦᠷ
ᠵᠠᠶᠠᠭᠠᠨ ᠤ ᠭᠠᠭᠴᠠᠬᠠᠨ ᠨᠤᠳᠤᠭ
ᠦᠨᠳᠦᠷ ᠰᠦᠷᠯᠢᠭ᠌ ᠠᠭᠤᠯᠠᠰ ᠨᠢ ᠡᠴᠢᠭᠡ ᠶᠢᠨ ᠪᠣᠰᠤᠭ᠎ᠠ ᠰᠦᠷ ᠳᠠᠢ
ᠦᠶᠡᠯᠵᠢᠨ ᠳᠤᠯᠭᠢᠶᠠᠯᠠᠬᠤ ᠭᠤᠤᠯ ᠨᠢ ᠡᠵᠢ ᠶᠢᠨ ᠵᠥᠭᠡᠯᠡᠨ ᠪᠦᠦᠪᠠᠢ ᠳᠠᠢ
ᠣᠷᠢᠳᠤ ᠶᠢᠨ ᠰᠠᠢ᠌ᠬᠠᠨ ᠳᠤᠮᠤᠭ ᠨᠢ ᠡᠪᠦᠭᠡᠳ ᠤᠨ ᠠᠯᠳᠠᠨ ᠰᠤᠷᠭᠠᠯ ᠳᠠᠢ
ᠣᠳᠤᠮ ᠤᠨ ᠵᠠᠩ ᠵᠠᠩᠰᠢᠯ ᠨᠢ ᠪᠣᠭᠤᠷᠤᠯ ᠤᠨ ᠪᠤᠶᠡᠡᠳᠤ ᠢᠷᠦᠭᠡᠯ ᠳᠠᠢ
ᠨᠠᠷᠠᠳᠤ ᠶᠢᠨ ᠵᠠᠢ ᠳᠤ ᠵᠢᠷᠭᠠᠭᠰᠠᠨ
ᠨᠠᠷᠠᠯᠠᠭ ᠮᠤᠩᠭ᠋ᠤᠯ ᠨᠤᠳᠤᠭ ᠡ
ᠨᠠᠳᠠ ᠳᠤ ᠪᠠᠨ ᠭᠠᠭᠴᠠᠬᠠᠨ ᠵᠠᠶᠠᠭᠠᠭᠰᠠᠨ
ᠮᠢᠨᠤ ᠳᠦᠷᠦᠭ᠍ᠰᠡᠨ ᠦᠯᠦᠭᠡᠢ
ᠳᠠᠯ᠎ᠠ ᠶᠢᠨ ᠠᠭᠤᠵᠢᠮ ᠡᠯᠢᠭᠡᠨ ᠳᠤ ᠨᠢ ᠳᠠᠪᠤᠨ ᠰᠦᠷᠦᠭ᠌ ᠤᠨ ᠪᠠᠯᠴᠢᠭᠡᠨ ᠳᠠᠢ
ᠳᠠᠨ᠎ᠠ ᠶᠢᠨ ᠴᠠᠭᠠᠬᠠᠨ ᠭᠡᠷ ᠲᠤ ᠨᠢ ᠳᠠᠷᠠᠭ ᠠᠢ᠌ᠷᠠᠭ ᠤᠨ ᠰᠡᠩᠭᠢᠨᠡᠭᠡᠨ ᠳᠠᠢ
ᠳᠡᠭ᠍ᠷᠢ ᠶᠢᠨ ᠴᠡᠩᠭᠡᠷ ᠮᠠᠠᠳᠤᠯ ᠳᠤ ᠨᠢ ᠤᠶᠠᠩᠭ᠎ᠠ ᠳᠠᠭᠤᠨ ᠤ ᠳᠦᠷᠢᠯᠭᠡ ᠳᠠᠢ
ᠳᠤᠯᠭᠠᠨ ᠤ ᠳᠦᠷᠡᠯᠵᠡᠭ᠍ᠰᠡᠨ ᠲᠦᠯᠤᠨ ᠳᠤ ᠨᠢ ᠣᠳᠤᠮ ᠵᠠᠯᠭᠠᠭᠰᠠᠨ ᠳᠡᠦᠭᠡ ᠳᠠᠢ
ᠬᠤᠷᠸ᠎ᠠ ᠶᠢᠨ ᠡᠯᠢᠭᠡᠨ ᠳᠤ ᠳᠡᠯᠭᠡᠭ᠍ᠳᠡᠭ᠍ᠰᠡᠨ
ᠭᠦᠭᠡ ᠮᠤᠩᠭ᠋ᠤᠯ ᠨᠤᠳᠤᠭ ᠡ
ᠨᠠᠳᠠ ᠳᠤ ᠪᠠᠨ ᠭᠠᠭᠴᠠᠬᠠᠨ ᠵᠠᠶᠠᠭᠠᠭᠰᠠᠨ
ᠮᠢᠨᠤ ᠳᠦᠷᠦᠭ᠍ᠰᠡᠨ ᠦᠯᠦᠭᠡᠢ
ᠳᠠᠯ ᠪᠣᠰᠤᠭ᠎ᠠ ᠭᠡᠢ᠌ᠮᠦᠷᠢ ᠨᠢ ᠳᠡᠭ᠍ᠷᠢᠯᠢᠭ᠌ ᠠᠯᠳᠠᠷ ᠤᠨ ᠬᠤᠷᠤᠢ ᠳᠠᠢ
ᠳᠡᠨᠢᠭᠦᠨ ᠲᠤᠢ᠌ᠪᠰᠢᠨ ᠠᠮᠢᠳᠤᠷᠠᠯ ᠨᠢ ᠳᠡᠭ᠍ᠵᠢᠷᠡᠯ ᠮᠠᠠᠳᠤᠯ ᠤᠨ ᠰᠤᠪᠢᠩ ᠳᠠᠢ
ᠣᠬᠠᠭᠠᠨ ᠤ ᠭᠦᠨ ᠪᠣᠳᠤᠯ ᠳᠤ ᠨᠢ ᠭᠦᠰᠡᠯ ᠤᠨ ᠠᠯᠳᠠᠨ ᠵᠢᠯᠤᠭᠤ ᠳᠠᠢ
ᠣᠢ᠌ᠯᠠᠰ ᠤᠨ ᠭᠡᠭᠡᠨ ᠬᠠᠷᠭᠤᠢ ᠳᠤ ᠨᠢ ᠭᠦᠭ᠍ᠵᠢᠯ ᠤᠨ ᠴᠠᠭᠠᠨ ᠵᠦᠩᠨᠠᠯ ᠳᠠᠢ
ᠲ᠋ᠠᠶᠠᠩ ᠳᠤ ᠠᠯᠳᠠᠷ ᠶᠢᠡᠨ ᠭᠠᠢ᠌ᠬᠠᠭᠤᠯᠤᠭᠰᠠᠨ
ᠲ᠋ᠠᠷᠬᠠᠨ ᠮᠤᠩᠭ᠋ᠤᠯ ᠤᠨ ᠨᠤᠳᠤᠭ ᠡ
ᠨᠠᠳᠠ ᠳᠤ ᠪᠠᠨ ᠭᠠᠭᠴᠠᠬᠠᠨ ᠵᠠᠶᠠᠭᠠᠰᠠᠨ
ᠮᠢᠨᠤ ᠳᠦᠷᠦᠭ᠍ᠰᠡᠨ ᠦᠯᠦᠭᠡᠢ
ᠵᠤᠬᠢᠶᠠᠭᠴᠢ ᠶᠢᠨ ᠬᠠᠶᠢᠭ ᠄ ᠪᠠᠭᠠᠷᠢᠨ ᠵᠡᠭᠦᠨ ᠬᠤᠰᠢᠭᠤᠨ ᠤ ᠪᠠᠶᠠᠨ᠊ᠠ᠋ᠭᠤᠯᠠ ᠰᠤᠷᠭᠠᠭᠤᠯᠢ
ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 25668
ᠴᠠᠭ᠄ 2014 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ