☆ ᠣᠷᠭᠢᠯᠤᠮ᠎ᠠ
ᠥᠷᠯᠦᠭᠡ ᠶᠢᠨ ᠨᠠᠷᠠ ᠰᠠᠢ᠌ᠬᠠᠨ
ᠨᠠᠷᠠ᠂ ᠰᠠᠷ᠎ᠠ᠂ ᠣᠳᠤ
ᠳᠤᠭᠤᠷ ᠤᠨ ᠭᠦᠷᠢᠶᠡᠯᠡᠩ ᠤᠨ ᠭᠤᠷᠪᠠ ᠭᠡᠮᠡᠷ
ᠳᠠᠰᠤᠳᠠᠰᠢ ᠦᠭᠡᠶ ᠳᠠᠮᠤᠷ ᠳᠠᠩᠭ᠋ᠠᠷᠢᠭ ᠶᠢᠡᠷ
ᠳᠤᠭ᠎ᠠ ᠦᠭᠡᠶ ᠣᠯᠠᠨ ᠬᠤᠨᠤᠭ
ᠨᠠᠰᠢ ᠴᠠᠰᠢ ᠰᠦᠯᠵᠢᠨ᠎ᠠ᠃
ᠲ᠋ᠠᠭᠢᠶᠠᠨ ᠭᠤᠷᠪᠠᠨ ᠳᠠᠭᠤᠨ ᠳᠤ
ᠳᠤᠭᠵᠢᠷᠠᠵᠤ ᠵᠤᠭᠰᠤᠭᠰᠠᠨ ᠰᠠᠷ᠎ᠠ
ᠰᠡᠭᠡᠰᠭᠢᠵᠤ
ᠵᠢᠰᠢᠶ᠎ᠠ ᠰᠤᠯᠠᠯᠠᠭᠳᠠᠨ ᠵᠠᠪ ᠣᠯᠬᠤ ᠳᠤ
ᠵᠡᠭᠦᠷᠮᠡᠭ᠌ ᠠᠨᠢᠪᠠᠯᠵᠠᠭᠰᠠᠨ ᠣᠳᠤᠳ ᠴᠤ
ᠭᠦᠰᠢᠭᠡ ᠳᠠᠳᠠᠨ ᠶᠠᠭᠠᠷᠠᠨ᠎ᠠ᠃
ᠦᠷᠯᠦᠭᠡ ᠶᠢᠨ ᠨᠠᠷᠠ
ᠣᠰᠤᠨ ᠤ ᠳᠤᠮᠳᠠ ᠡᠴᠡ ᠠᠮᠢᠯᠠᠵᠤ
ᠣᠯᠠᠭᠠᠨ ᠳᠤᠶᠠᠭ᠎ᠠ ᠪᠠᠨ ᠳᠤᠰᠤᠯᠠᠭᠤᠯᠤᠭᠰᠠᠭᠠᠷ
ᠠᠭᠤᠯᠠ ᠶᠢᠨ ᠣᠷᠤᠢ ᠡᠴᠡ ᠣᠷᠭᠤᠵᠤ
ᠢᠨᠢᠶᠡᠮᠰᠦᠭ᠌ ᠴᠢᠷᠠᠢ ᠪᠠᠨ ᠣᠯᠠᠪᠠᠯᠵᠠᠭᠤᠯᠤᠭᠰᠠᠭᠠᠷ
ᠡᠳᠤᠷ ᠤᠨ ᠡᠭᠡᠯᠵᠢᠨ ᠳᠤ ᠪᠠᠨ ᠭᠠᠷᠤᠨ᠎ᠠ᠃
ᠲᠦᠨᠠᠷ ᠬᠠᠷᠠᠩᠭ᠋ᠤᠢ ᠶᠢ ᠡᠪᠭᠡᠨ ᠬᠤᠷᠢᠶᠠᠵᠤ
ᠳᠦᠭ᠍ᠵᠢᠶᠡᠰᠦᠳᠡᠢ ᠴᠤᠩᠬᠤ ᠶᠢ ᠰᠠᠮ ᠢᠷᠠᠨ
ᠳᠤᠷᠮᠣᠢ᠌ᠨ ᠣᠠᠳᠠᠭ᠎ᠠ ᠠᠢ᠌ᠯ ᠤᠨ ᠪᠦᠰᠡᠭᠦᠢ ᠶᠢᠨ
ᠳᠠᠷᠠ ᠶᠢᠨ ᠬᠠᠵᠠᠭᠤᠳᠠ ᠰᠡᠮᠡᠭᠡᠷ ᠰᠢᠪᠠᠨᠠᠨ᠎ᠠ
ᠳᠠᠪᠠᠯ ᠢ ᠨᠢ ᠢᠯᠪᠢᠭᠡᠳ ᠵᠥᠭᠡᠯᠡᠨ ᠰᠡᠭ᠍ᠰᠦᠷᠦᠨᠡ᠃
ᠦᠷᠯᠦᠭᠡ ᠶᠢᠨ ᠨᠠᠷᠠ ᠰᠠᠢ᠌ᠬᠠᠨ
ᠣᠯᠠᠨ ᠳᠤ ᠨᠢᠳᠤ ᠣᠷᠭᠤᠭᠤᠯᠤᠯ᠎ᠠ
ᠣᠷᠴᠢᠯᠠᠩ ᠳᠤ ᠭᠦᠰᠡᠯ ᠳᠦᠭᠡᠭᠡᠯᠡ
ᠦᠷ ᠶᠢᠡᠷ ᠪᠣᠰᠤᠭᠰᠠᠨ ᠭᠦᠮᠦᠰ ᠤᠨ
ᠣᠴᠢᠬᠤ ᠵᠥᠭ᠌ ᠢ ᠨᠢ ᠵᠢᠭᠠᠬᠤ ᠭᠡᠵᠤ
ᠣᠴᠠᠷᠠᠬᠤ ᠰᠠᠭᠠᠤᠨ ᠢ ᠨᠢ ᠠᠷᠢᠯᠭᠠᠬᠤ ᠭᠡᠵᠤ
ᠡᠮᠦᠨ᠎ᠡ ᠨᠢ ᠣᠷᠤᠭᠠᠤᠨ ᠣᠮᠤᠭᠳᠠᠢ ᠭᠦᠶᠦᠨ᠎ᠡ᠃
ᠭᠡᠭᠡ ᠦᠭᠡᠶ ᠳᠤ ᠭᠡᠡᠨᠦᠡᠳᠡ ᠪᠠᠷ ᠳᠤᠷᠠᠰᠳᠠᠭ
ᠭᠡᠭᠡᠷ᠎ᠡ ᠶᠢᠨ ᠠᠪᠣᠭᠠᠢ ᠡᠴᠡ
ᠦᠯᠤᠰᠳᠠᠯᠠ ᠠᠶᠤᠵᠤ ᠬᠤᠨᠤᠭᠰᠠᠨ
ᠣᠳᠤᠮ ᠨᠤᠮᠤᠬᠠᠨ ᠬᠤᠨᠢᠳ ᠲᠤ
ᠵᠢᠷᠦᠭᠡ ᠭᠦᠷᠭᠡᠵᠤ
ᠪᠠᠯᠴᠢᠭᠡᠷ ᠵᠢᠭᠠᠬᠤ ᠳ᠋ᠤ
ᠨᠠᠳᠣᠢ᠌ᠵᠤ ᠥᠡᠵᠢᠭ᠍ᠰᠡᠨ ᠠᠭᠤᠯᠠ
ᠨᠢᠷᠤᠭᠤ ᠭᠡᠳᠡᠢ᠌ᠨ ᠪᠣᠰᠴᠤ
ᠪᠠᠷᠣᠢ᠌ᠵᠤ ᠬᠤᠨᠤᠭᠰᠠᠨ ᠳᠠᠯ᠎ᠠ
ᠪᠠᠶᠠᠷ ᠤᠨ ᠨᠢᠯᠪᠣᠰᠤ ᠮᠡᠯᠳᠡᠩᠨᠡᠭᠦᠯᠦᠨᠡ᠃
ᠦᠷᠯᠦᠭᠡ ᠶᠢᠨ ᠨᠠᠷᠠ ᠰᠠᠢ᠌ᠬᠠᠨ
ᠦᠴᠦᠭᠡᠳᠦᠷ ᠤᠨ ᠣᠢ᠌ᠤᠠᠬᠠᠷ ᠢ ᠣᠷᠤ ᠦᠭᠡᠶ ᠪᠣᠯᠠᠰᠢᠯᠠᠵᠤ
ᠦᠨᠦᠳᠤᠷ ᠤᠨ ᠴᠢᠷᠠᠢ ᠶᠢ ᠣᠯᠠᠭ᠎ᠠ ᠪᠣᠳᠠᠷᠠᠳᠠᠯ᠎ᠠ ᠮᠥᠰᠢᠶᠡᠯᠭᠡᠨᠡ
ᠰᠤᠷᠭᠠᠭᠤᠯᠢ ᠪᠠᠨ ᠴᠢᠭᠯᠡᠭ᠍ᠰᠡᠨ ᠬᠡᠦᠬᠡᠳ ᠤᠨ
ᠰᠢᠮᠳᠠᠬᠤ ᠶᠢᠨ ᠬᠤᠩᠬ᠎ᠠ ᠶᠢ ᠨᠢ ᠭᠦᠩᠭᠡᠨ ᠳᠤᠭᠰᠢᠵᠤ
ᠰᠤᠯᠤᠩᠭ᠋ᠠᠨ ᠣᠯᠠᠭᠠᠨ ᠠᠶᠠᠨ ᠤ ᠭᠢᠨᠢ
ᠰᠤᠯᠢᠭᠳᠠᠰᠢ ᠦᠭᠡᠶ ᠴᠠᠮᠬᠠᠭ ᠪᠣᠯᠵᠤ ᠭᠡᠷᠡᠯᠳᠦᠨ᠎ᠡ᠃
ᠪᠤᠭᠤᠨᠢ ᠰᠠᠷᠠᠪᠴᠢ ᠶᠢᠨ ᠪᠣᠷᠤ ᠭᠡᠷ ᠲᠤ ᠪᠠᠨ
ᠪᠣᠭᠢᠨᠢᠳᠤᠵᠤ ᠬᠤᠨᠤᠭ᠎ᠠ ᠪᠣᠯᠵᠤᠮᠤᠷ
ᠪᠣᠯᠪᠠᠷᠠᠢ ᠣᠯᠠᠭᠠᠨ ᠳᠤᠶᠠᠭᠠᠨ ᠳᠤ ᠨᠢ
ᠪᠣᠰᠤᠨ ᠵᠢᠷᠭᠢᠵᠤ
ᠬᠤᠭᠤᠯᠠᠢ ᠭᠠᠢ᠌ᠬᠠᠭᠤᠯᠬᠤ ᠳᠤ
ᠪᠡᠯᠡᠳᠭᠡᠵᠤ ᠳᠠᠯᠪᠢᠭᠰᠠᠨ ᠪᠠᠭᠠᠵᠢ ᠤᠳ
ᠭᠠᠷ ᠲᠤ ᠠᠶᠠᠳᠠᠢ᠌ᠬᠠᠨ ᠵᠢᠷᠤᠭᠠᠯᠠᠵᠤ
ᠪᠠᠯ ᠰᠢᠭ ᠠᠮᠢᠳᠤᠷᠠᠯ
ᠪᠠᠰᠠ ᠵᠠᠯᠭᠠᠨ ᠴᠤᠭᠴᠠᠯᠠᠭᠳᠠᠨᠠ ᠡ ︕
ᠵᠤᠬᠢᠶᠠᠭᠴᠢ ᠶᠢᠨ ᠬᠠᠶᠢᠭ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2010 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ