ᠨᠡᠪᠲᠡᠷᠡᠨ ᠤᠷᠤᠬᠤ
ᠨᠤᠳᠤᠭ ᠡᠴᠡ ᠳᠡᠭᠦᠭ᠍ᠳᠡᠭ᠍ᠰᠡᠨ ᠪᠠᠳᠠᠭ ᠤᠳ
ᠪᠠᠢ᠌ᠭᠠᠯᠢ ᠶᠢᠨ ᠭᠡᠰᠢᠭ᠍ᠳᠡᠨ

ᠪᠠᠢ᠌ᠭᠠᠯᠢ ᠳᠤ ᠪᠠᠨ ᠣᠰᠤᠨ ᠤ ᠰᠠᠢ᠌ᠬᠠᠨ ᠲᠡᠶ ᠭᠡᠰᠢᠭ᠍ᠳᠡᠨ

ᠪᠠᠢ᠌ᠭᠠᠯᠢ ᠶᠢᠨ ᠶᠢᠡᠨ ᠵᠢᠰᠤ ᠶᠢ ᠭᠤᠤᠯ ᠨᠠᠭᠤᠷ ᠲᠠᠭᠠᠨ ᠳᠤᠯᠢᠳᠠᠨ᠎ᠠ

ᠪᠠᠢ᠌ᠭᠠᠯᠢ ᠳᠤ ᠪᠠᠨ ᠠᠭᠤᠯᠠᠰ ᠤᠨ ᠰᠤᠨᠢᠬᠠᠨ ᠲᠡᠶ ᠭᠡᠰᠢᠭ᠍ᠳᠡᠨ

ᠪᠠᠢ᠌ᠭᠠᠯᠢ ᠶᠢᠡᠨ ᠳᠤᠮᠤᠭᠳᠤ ᠬᠠᠢ᠌ᠷᠠᠬᠠᠤᠨ ᠶᠢᠡᠷ ᠶᠢᠡᠨ ᠴᠢᠮᠡᠭᠯᠡᠨ᠎ᠡ

ᠪᠠᠢ᠌ᠭᠠᠯᠢ ᠳᠤ ᠪᠠᠨ ᠳᠠᠯ᠎ᠠ ᠶᠢᠨ ᠳᠡᠨᠢᠭᠡᠷ ᠲᠡᠶ ᠭᠡᠰᠢᠭ᠍ᠳᠡᠨ

ᠪᠠᠢ᠌ᠭᠠᠯᠢ ᠶᠢᠨ ᠶᠢᠡᠨ ᠠᠭᠤᠳᠠᠮ ᠶᠢᠡᠷ ᠳᠡᠭ᠍ᠷᠢ ᠶᠢᠨ ᠬᠠᠶᠠᠭ᠎ᠠ ᠳᠠᠯᠠᠨ᠎ᠠ

ᠪᠠᠢ᠌ᠭᠠᠯᠢ ᠳᠤ ᠪᠠᠨ ᠣᠢ ᠶᠢᠨ ᠪᠠᠶᠠᠯᠢᠭ ᠲᠡᠶ ᠭᠡᠰᠢᠭ᠍ᠳᠡᠨ

ᠪᠠᠢ᠌ᠭᠠᠯᠢ ᠪᠠᠨ ᠨᠤᠮᠢᠨ ᠨᠤᠭᠤᠭᠠᠨ ᠶᠢᠡᠷ ᠬᠤᠪᠴᠠᠯᠠᠨ᠎ᠠ

ᠪᠠᠢ᠌ᠭᠠᠯᠢ ᠳᠤ ᠪᠠᠨ ᠠᠷᠢᠶᠠᠳᠠᠨ ᠤ ᠡᠯᠪᠠᠭ᠌ ᠲᠡᠶ ᠭᠡᠰᠢᠭ᠍ᠳᠡᠨ

ᠪᠠᠢ᠌ᠭᠠᠯᠢ ᠳᠠᠭᠠᠨ ᠪᠠᠢ᠌ᠬᠤ ᠪᠦᠭᠦᠨ ᠢ ᠨᠢ ᠡᠩᠭᠦᠷᠡᠢ᠌ᠯᠡᠨ᠎ᠡ

ᠪᠠᠢ᠌ᠭᠠᠯᠢ ᠳᠤ ᠪᠠᠨ ᠵᠢᠭᠦᠷᠳᠡᠨ ᠤ ᠣᠯᠠᠨ ᠲᠡᠶ ᠭᠡᠰᠢᠭ᠍ᠳᠡᠨ

ᠪᠠᠢ᠌ᠭᠠᠯᠢ ᠳᠠᠭᠠᠨ ᠨᠢᠰᠦᠭᠡ ᠪᠦᠭᠦᠨ ᠢ ᠨᠢ ᠬᠠᠢ᠌ᠷᠠᠯᠠᠨ᠎ᠠ

ᠪᠠᠢ᠌ᠭᠠᠯᠢ ᠳᠤ ᠪᠠᠨ ᠡᠷᠳᠡᠨᠢ ᠶᠢᠨ ᠪᠣᠯᠠᠭᠳᠠᠴᠠ ᠲᠡᠶ ᠭᠡᠰᠢᠭ᠍ᠳᠡᠨ

ᠪᠠᠢ᠌ᠭᠠᠯᠢ ᠳᠠᠭᠠᠨ ᠨᠥᠭᠡᠭᠡᠴᠡ ᠲᠡᠶ ᠪᠠᠢ᠌ᠯᠭᠠᠬᠤ ᠶᠢ ᠡᠷᠭᠢᠮᠯᠡᠨ᠎ᠡ

ᠪᠠᠢ᠌ᠭᠠᠯᠢ ᠳᠤ ᠪᠠᠨ ᠳᠠᠪᠤᠨ ᠬᠤᠰᠢᠭᠤᠳᠤ ᠲᠡᠶ ᠭᠡᠰᠢᠭ᠍ᠳᠡᠨ

ᠪᠠᠢ᠌ᠭᠠᠯᠢ ᠪᠠᠨ ᠰᠤᠪᠣᠤᠨ ᠱᠢᠷᠤ ᠪᠠᠷ ᠭᠤᠶᠤᠯᠠᠨ᠎ᠠ

ᠪᠠᠢ᠌ᠭᠠᠯᠢ ᠳᠤ ᠪᠠᠨ ᠳᠠᠪᠤᠨ ᠳᠠᠷᠢᠶ᠎ᠠ ᠲᠡᠶ ᠭᠡᠰᠢᠭ᠍ᠳᠡᠨ

ᠪᠠᠢ᠌ᠭᠠᠯᠢ ᠪᠠᠨ ᠠᠯᠳᠠᠨ ᠳᠤᠯᠭᠢᠶ᠎ᠠ ᠪᠠᠷ ᠥᠩᠭᠡᠯᠡᠨ᠎ᠡ

ᠪᠠᠢ᠌ᠭᠠᠯᠢ ᠳᠤ ᠪᠠᠨ ᠴᠢᠯᠠᠭᠤᠨ ᠪᠢᠴᠢᠭ᠌ ᠲᠡᠶ ᠭᠡᠰᠢᠭ᠍ᠳᠡᠨ

ᠪᠠᠢ᠌ᠭᠠᠯᠢ ᠪᠠᠨ ᠭᠡᠰᠡᠨ ᠴᠢᠩᠭᠢᠰ ᠤᠨ ᠰᠤᠷᠭᠠᠯ ᠢ ᠣᠩᠰᠢᠨ᠎ᠠ

ᠪᠠᠢ᠌ᠭᠠᠯᠢ ᠨᠢ ᠪᠠᠶᠠᠨ ᠳᠠᠩᠰᠤᠭ ᠯᠠ ᠭᠡᠰᠢᠭ᠍ᠳᠡᠨ

ᠪᠠᠢ᠌ᠭᠠᠯᠢ ᠶᠢᠨ ᠶᠢᠡᠨ ᠭᠡᠰᠢᠭ᠌ ᠶᠢᠡᠷ ᠪᠠᠶᠠᠵᠢᠨ᠎ᠠ

ᠪᠠᠢ᠌ᠭᠠᠯᠢ ᠨᠢ ᠪᠠᠬᠠᠷᠤᠮ᠎ᠠ ᠣᠤᠭᠠᠯᠯᠢᠭ ᠭᠡᠰᠢᠭ᠍ᠳᠡᠨ

ᠪᠠᠢ᠌ᠭᠠᠯᠢ ᠪᠡᠨ ᠳᠡᠯᠡᠭᠡᠢ ᠶᠢᠨ ᠨᠢᠳᠤᠨ ᠳᠤ ᠭᠠᠢ᠌ᠬᠠᠭᠤᠯᠤᠨ᠎ᠠ

ᠪᠠᠢ᠌ᠭᠠᠯᠢ ᠨᠢ ᠪᠣᠶᠠᠠᠰᠠᠭ ᠥᠭ᠍‍ᠬᠢᠶ‍ᠡᠮᠦᠷᠴᠢ ᠭᠡᠰᠢᠭ᠍ᠳᠡᠨ

ᠪᠠᠢ᠌ᠭᠠᠯᠢ ᠳᠠᠭᠠᠨ ᠪᠠᠢ᠌ᠳᠠᠭ ᠪᠦᠭᠦᠨ ᠢ ᠪᠠᠭᠳᠠᠭᠠᠨ᠎ᠠ

ᠪᠠᠢ᠌ᠭᠠᠯᠢ ᠨᠢ ᠬᠤᠷᠸ᠎ᠠ ᠳᠤ ᠬᠤᠤᠰ ᠦᠭᠡᠶ ᠭᠡᠰᠢᠭ᠍ᠳᠡᠨ

ᠪᠠᠢ᠌ᠭᠠᠯᠢ ᠲᠡᠶ ᠳᠠᠭᠠᠨ ᠡᠷᠡᠨ ᠵᠠᠭᠤᠨ ᠳᠤ ᠣᠮᠤᠭᠰᠢᠨ᠎ᠠ

ᠪᠠᠢ᠌ᠭᠠᠯᠢ ᠨᠢ ᠳᠡᠯᠡᠭᠡᠢ ᠶᠢᠨ ᠪᠣᠯᠤᠭᠰᠠᠨ ᠭᠡᠰᠢᠭ᠍ᠳᠡᠨ

ᠪᠠᠢ᠌ᠭᠠᠯᠢ ᠳᠠᠭᠠᠨ ᠭᠦᠮᠤᠨ ᠤ ᠳᠠᠯᠠᠢ ᠴᠠᠯᠭᠢᠭᠤᠯᠤᠨ᠎ᠠ

ᠪᠠᠢ᠌ᠭᠠᠯᠢ ᠨᠢ ᠭᠡᠮᠵᠢᠶ᠎ᠡ ᠭᠢᠵᠠᠭᠠᠷ ᠲᠡᠶ ᠯᠠ ᠭᠡᠰᠢᠭ᠍ᠳᠡᠨ

ᠪᠠᠢ᠌ᠭᠠᠯᠢ ᠳᠤ ᠨᠢ 《ᠭᠠᠮᠰᠢᠭ》 ᠪᠠᠭᠤᠬᠤ ᠡᠴᠡ ᠵᠢᠷᠦᠭᠡᠰᠢᠨ᠎ᠡ

ᠪᠠᠢ᠌ᠭᠠᠯᠢ ᠳᠠᠭᠠᠨ ᠰᠥᠰᠦᠭ᠌ ᠪᠢᠰᠢᠷᠠᠯ ᠲᠡᠶ ᠭᠡᠰᠢᠭ᠍ᠳᠡᠨ

ᠪᠠᠢ᠌ᠭᠠᠯᠢ ᠶᠢᠡᠨ ᠭᠡᠵᠤ ᠣᠪᠣᠭ᠎ᠠ ᠬᠠᠢ᠌ᠷᠬᠠᠨ ᠶᠢᠡᠨ ᠳᠠᠭᠢᠨ᠎ᠠ

ᠪᠠᠢ᠌ᠭᠠᠯᠢ ᠪᠠᠨ ᠨᠢᠭᠤᠵᠤ ᠪᠠᠢ᠌ᠭᠰᠠᠨ ᠡᠴᠡ ᠭᠡᠰᠢᠭ᠍ᠳᠡᠨ

ᠪᠠᠢ᠌ᠭᠠᠯᠢ ᠲᠡᠶ ᠦᠨᠦᠳᠤᠷ ᠢ ᠪᠠᠳᠤᠯᠠᠭᠰᠠᠨ ᠯᠠ ᠪᠠᠢ᠌ᠭ᠎ᠠ

ᠪᠠᠢ᠌ᠭᠠᠯᠢ ᠨᠢ ᠠᠮᠢ ᠲᠡᠶ ᠰᠦᠨᠠᠰᠤ ᠲᠡᠶ ᠭᠡᠰᠢᠭ᠍ᠳᠡᠨ

ᠪᠠᠢ᠌ᠭᠠᠯᠢ ᠶᠢ ᠮᠢᠨᠢ ᠭᠡᠵᠤ ᠳᠡᠭ᠍ᠷᠢ ᠳᠡᠭᠡᠨ ᠳᠠᠭᠠᠳᠬᠠᠨ᠎ᠠ

ᠪᠠᠢ᠌ᠭᠠᠯᠢ ᠨᠢ ᠭᠡᠯᠡ ᠲᠡᠶ ᠰᠡᠳᠬᠢᠯᠭᠡ ᠲᠡᠶ ᠭᠡᠰᠢᠭ᠍ᠳᠡᠨ

ᠪᠠᠢ᠌ᠭᠠᠯᠢ ᠮᠢᠨᠢ ᠮᠥᠩᠭᠡ ᠪᠠᠢ᠌ᠭᠠᠰᠠᠢ ᠭᠡᠵᠤ ᠬᠤᠷᠣᠢ᠌ᠯᠠᠨ᠎ᠠ

ᠪᠠᠢ᠌ᠭᠠᠯᠢ ᠳᠠᠭᠠᠨ ᠥᠮᠦᠭ᠌ ᠳᠦᠰᠢᠭ᠌ ᠨᠢ ᠯᠠ ᠶᠤᠮ ᠪᠣᠯ ᠭᠡᠰᠢᠭ᠍ᠳᠡᠨ

ᠪᠠᠢ᠌ᠭᠠᠯᠢ ᠪᠠᠨ ᠡᠵᠡᠨ ᠤ ᠬᠤᠪᠢ ᠪᠠᠷ ᠬᠠᠮᠠᠭᠠᠯᠠᠭᠠᠴᠢ ︕

ᠪᠠᠢ᠌ᠭᠠᠯᠢ ᠳᠠᠭᠠᠨ ᠦᠷ᠎ᠡ ᠲᠦᠷᠦᠳᠠᠰᠤ ᠨᠢ ᠯᠠ ᠶᠤᠮ ᠪᠣᠯ ᠭᠡᠰᠢᠭ᠍ᠳᠡᠨ

ᠪᠠᠢ᠌ᠭᠠᠯᠢ ᠪᠠᠨ ᠡᠵᠢ ᠪᠠᠨ ᠶᠤᠮ ᠰᠢᠭ᠌ ᠬᠠᠢ᠌ᠷᠠᠯᠠᠭᠠᠴᠢ ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ