ᠨᠡᠪᠲᠡᠷᠡᠨ ᠤᠷᠤᠬᠤ
ᠭᠤᠷᠪᠠᠠᠬᠤᠧᠨ᠂ ᠡᠮᠵᠡᠭ᠌ ᠬᠠᠢ᠌ᠷ᠎ᠠ ᠶᠢᠨ ᠳᠠᠯᠠᠷᠠᠯ

1

ᠭᠤᠯᠤᠮᠳᠠ ᠪᠠᠳᠠᠷᠠᠭᠠᠬᠤ ᠭᠡᠵᠤ

ᠭᠤᠷᠪᠠᠠᠬᠤᠧᠨ ᠳᠤ ᠢᠷᠠᠪᠠᠤ ᠳᠡᠭᠡᠳᠦᠰ ᠮᠢᠨᠢ

ᠨᠠᠮ ᠰᠡᠯᠡᠭᠦᠤ ᠶᠢ ᠡᠷᠢᠨ

ᠨᠠᠮᠬᠠᠨ ᠡᠨᠡ ᠭᠤᠷᠪᠠᠨ ᠬᠤᠧᠨ ᠲᠡᠶ

ᠨᠤᠳᠤᠭ ᠲᠤ ᠨᠡᠭᠦᠵᠤ ᠢᠷᠡᠭ᠍ᠰᠡᠨ

ᠴᠢᠨᠤ ᠣᠰᠤᠯ ᠪᠢᠰᠢ ︕

2

ᠭᠤᠳᠤᠯ ᠤᠨ ᠳᠦᠷᠠᠢ ᠶᠢ ᠨᠢ ᠴᠠᠢ᠌ᠷᠠᠳᠠᠯ᠎ᠠ ᠱᠥᠷᠭᠦᠭᠡᠭᠦ

ᠭᠤᠯᠢᠶ᠎ᠠ ᠶᠢᠨ ᠳᠠᠭᠤᠨ ᠲᠡᠶ ᠡᠪᠠᠰᠤ ᠰᠢᠷᠠᠯᠵᠢ

ᠭᠤᠷᠪᠠᠨ ᠠᠯᠬᠤᠮ ᠭᠡᠵᠤ ᠭᠡᠷ ᠡᠴᠡ ᠬᠤᠯᠠᠳᠠᠬᠤ ᠴᠢᠬᠤᠯᠠ ᠦᠭᠡᠶ

ᠭᠤᠷᠪᠠ ᠬᠤᠨᠤᠭ ᠤᠨ ᠲᠦᠯᠡᠰᠢ ᠲᠡᠶ ᠠᠳᠠᠷ ᠪᠠᠷᠭᠡ

ᠪᠣᠳᠠᠨ ᠳ᠋ᠠᠭᠢ ᠳᠠᠤᠯᠠᠢ ᠭᠦᠮᠤᠨ ᠡᠴᠡ ᠵᠠᠢ᠌ᠳᠠᠬᠤ ᠶᠢ ᠶᠠᠭᠠᠷᠠᠬᠤ ᠦᠭᠡᠶ

ᠪᠣᠷᠤᠭᠴᠢᠨ ᠭᠤᠷᠭᠤᠤᠯ ᠠᠢ᠌ᠯ ᠤᠨ ᠳᠠᠭᠢᠶᠠᠤᠨ ᠲᠡᠶ ᠥᠶᠡᠷᠭᠡᠨ᠎ᠡ

ᠪᠣᠯᠳᠠᠭᠠᠷ ᠵᠢᠭᠠᠯ ᠤᠳ ᠠᠢ᠌ᠯ ᠡᠴᠡ ᠭᠠᠷᠪᠠᠯ ᠳᠦᠭᠡᠷᠢᠭᠦ ᠡᠴᠡ ᠠᠶᠤᠨ

ᠪᠣᠷᠭᠠᠰᠤᠳᠤ ᠳᠠᠯ᠎ᠠ ᠳᠤ ᠪᠠᠯᠴᠢᠭ᠍ᠰᠡᠨ ᠰᠥᠷᠦᠭ᠌ ᠨᠢ ᠬᠠᠭᠠᠰ ᠡᠳᠦᠷ ᠶᠢᠡᠷ ᠳᠤᠭᠳᠠᠨ᠎ᠠ᠃

3

ᠡᠭᠡ ᠪᠠᠢ᠌ᠭᠠᠯᠢ ᠶᠢᠨ ᠪᠠᠯᠠᠷᠯᠢᠭ ᠪᠦᠳᠦᠴᠡ

ᠡᠪᠦᠭᠡ ᠳᠡᠭᠡᠳᠦᠰ ᠤᠨ ᠡᠩᠭᠡ ᠶᠢᠨ ᠪᠠᠭᠤᠷᠢ

ᠡᠷᠡᠭᠦᠯ ᠰᠠᠷᠠᠭᠤᠯ ᠮᠠᠬᠠᠪᠣᠤᠨ ᠤᠨ ᠮᠠᠠᠴᠤᠢ

ᠡᠴᠢᠨ᠎ᠡ ᠨᠢᠭᠤᠴᠠᠬᠠᠨ ᠶᠡᠭᠡ ᠪᠠᠷᠭᠡ

ᠭᠤᠷᠪᠠᠠᠬᠤᠧᠨ ︕

4

ᠰᠠᠯᠭᠢ ᠪᠣᠰᠤᠯ᠎ᠠ ᠴᠤ ᠬᠤᠮᠠᠭ ᠭᠡᠢ᠌ᠰᠭᠡᠳᠡᠭ᠌ ᠦᠭᠡᠶ

ᠰᠠᠢ᠌ᠬᠠᠨ ᠵᠠᠩ ᠴᠢᠨᠢ ᠶᠠᠭᠠᠭᠢᠯ᠎ᠠ ᠪᠣᠢ ︕

ᠭᠠᠯ ᠵᠤᠯᠭᠤᠭᠰᠠᠭᠠᠷ ᠳᠣᠢ᠌ᠮᠠᠷᠰᠢᠵᠤ ᠮᠡᠳᠡᠭᠦ

ᠭᠠᠩᠭ᠋ᠠᠩ ᠬᠤᠴᠢᠯᠭ᠎ᠠ ᠴᠢᠨᠢ ᠭᠡᠷᠭᠢᠭᠡ ᠪᠣᠢ ︖

5

ᠨᠢᠳᠤ ᠪᠠᠷ ᠣᠬᠠᠭᠰᠠᠨ ᠨᠤᠳᠤᠭ ᠤᠨ ᠰᠦᠯᠳᠡ

ᠨᠤᠷ᠎ᠠ ᠡᠯᠡᠰᠤᠨ ᠳᠤ ᠪᠦᠷᠭᠦᠭ᠍ᠰᠢᠨ᠎ᠡ

ᠬᠠᠯᠠ ᠪᠠᠷ ᠳᠠᠨᠢᠭᠰᠠᠨ ᠭᠠᠴᠢᠭ ᠳᠠᠮᠤ

ᠬᠠᠯᠴᠠᠭᠠᠢ ᠮᠠᠩᠬᠠᠨ ᠳᠤ ᠳᠠᠪᠳᠠᠭᠳᠠᠨ᠎ᠠ

ᠠᠢ ᠳ᠋ᠠ᠂ ᠶᠠᠭᠠᠭᠢᠶ᠎ᠠ ᠭᠡᠭᠦ ᠪᠣᠢ ︖

ᠶᠤᠤᠯᠠᠵᠤ ᠬᠠᠷᠠᠭᠳᠠᠬᠤ ᠡᠯᠢᠭᠡᠨ ᠳᠤ ᠴᠢᠨᠢ

ᠶᠤᠷᠭᠢᠶ᠎ᠠ ᠪᠣᠳᠤᠯ ᠤᠳ ᠱᠤᠤᠭᠢᠵᠤ ᠰᠤᠨᠤᠰᠳᠠᠬᠤ ᠳᠤ

ᠶᠤᠰᠤᠨ ᠳ᠋ᠤᠨᠢ ᠶᠤᠤᠯᠠᠬᠤ ᠶᠢᠨ ᠶᠠᠯ᠎ᠠ ᠶᠢ ᠳᠤᠭᠠᠴᠢᠨ ᠪᠢ

ᠶᠠᠰᠤ ᠪᠠᠨ ᠬᠤᠭᠤᠯᠬᠤ ᠶᠢ ᠰᠠᠨᠠᠨ᠎ᠠ ᠰᠢᠤ

ᠭᠤᠷᠪᠠᠠᠬᠤᠧᠨ ᠮᠢᠨᠢ ᠡ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ