ᠨᠡᠪᠲᠡᠷᠡᠨ ᠤᠷᠤᠬᠤ
ᠵᠤᠪᠠᠯᠠᠩ ᠤᠨ ᠦᠨᠳᠦᠰᠦ

ᠠᠯᠢᠶᠠᠷᠬᠠᠨ ᠳᠠᠰᠤᠯᠴᠠᠭᠰᠠᠨ

ᠣᠨᠠᠭᠠᠨ ᠪᠠᠭ᠎ᠠ ᠶᠢᠨ ᠠᠬ᠎ᠠ ᠮᠢᠨᠢ

ᠠᠯᠠᠭ ᠬᠤᠷᠸ᠎ᠠ ᠶᠢᠨ ᠬᠤᠶᠠᠷ ᠥᠵᠦᠭᠦᠷ ᠳᠤ

ᠠᠷᠪᠠ ᠡᠴᠡ ᠬᠤᠷᠢᠨ ᠵᠢᠯ ᠰᠠᠯᠤᠯᠴᠠᠬᠤ ᠳ᠋ᠤ

ᠠᠩᠭᠢᠷᠬᠠᠨ ᠰᠠᠤᠠᠭᠢᠯ ᠮᠢᠨᠢ ᠴᠠᠩᠭ᠋ᠠᠵᠤ

ᠠᠤᠠᠬᠤ ᠵᠢᠷᠦᠭᠡ ᠮᠢᠨᠢ ᠦᠷᠤᠮᠠᠯᠠᠵᠤ

ᠠᠨᠢᠷ ᠦᠭᠡᠶ ᠳᠠᠨ ᠶᠢᠠᠨ ᠰᠠᠨᠠᠨ ᠮᠥᠷᠦᠭᠡᠳᠭᠦ ᠳ᠋ᠤ

ᠠᠷᠭᠠᠯᠢ ᠨᠢ ᠭᠤᠯᠵᠠ ᠪᠠᠨ ᠥᠭᠡᠢ᠌ᠯᠡᠭᠦ ᠰᠢᠭ᠌ ᠵᠤᠪᠠᠯ᠎ᠠ︕

ᠠᠮᠢᠳᠤᠷᠠᠯ ᠳᠤ ᠵᠤᠪᠠᠯᠠᠩ ᠤᠨ ᠦᠨᠳᠦᠰᠦ ᠲ᠋ᠠᠰᠤᠷᠠᠭᠰᠠᠨ ᠦᠭᠡᠶ︕

ᠠᠬᠠᠷᠬᠠᠨ ᠨᠠᠰᠤᠨ ᠤ ᠣᠨ ᠵᠢᠯ ᠳ᠋ᠤ

ᠠᠮᠤᠭᠤᠯᠠᠩ ᠪᠣᠰᠤ ᠡᠡᠮᠢᠳᠦᠷᠡᠯ ᠤᠨ ᠲ᠋ᠠᠪᠠᠭᠠᠨ ᠲ᠋ᠡᠭᠡᠷ᠎ᠡ

ᠠᠯᠳᠠ ᠰᠢᠭ ᠣᠨᠠᠭᠠᠨ ᠬᠠᠢ᠌ᠷ᠎ᠠ ᠪᠠᠨ

ᠠᠯᠳᠠᠷᠠᠭᠠᠵᠤ ᠬᠠᠶᠠᠭᠰᠠᠨ ᠦᠭᠡᠶ ᠬᠠᠳᠠᠭᠠᠯᠠᠵᠤ ᠶᠠᠪᠣᠯ᠎ᠠ︕

ᠠᠷᠤᠤᠬᠠᠨ ᠬᠤᠷᠸ᠎ᠠ ᠶᠢᠨ ᠠᠮᠢᠳᠤᠷᠠᠯ

ᠠᠷᠠᠢ ᠨᠠᠮᠢ᠋ᠢ ᠬᠠᠳᠠᠭᠤ ᠪᠠᠷ ᠳᠤᠭᠯᠠᠭᠰᠠᠨ︕

ᠠᠳᠠᠷ ᠤᠨ ᠡᠯᠡᠰᠤᠨ ᠴᠦᠯ ᠠᠷᠭᠠᠴᠠᠭ᠎ᠠ ᠦᠭᠡᠶ ᠰᠢᠭᠤᠷᠠᠭᠰᠠᠨ

ᠠᠭᠠᠷ ᠤᠨ ᠪᠣᠳᠠᠩ ᠳ᠋ᠤ ᠨᠢ ᠪᠢ ᠳᠦᠭᠡᠷᠢᠭ᠍ᠰᠡᠨ

ᠠᠰᠠᠭᠠᠭᠰᠠᠨ ᠵᠤᠯᠠ ᠵᠢᠷᠦᠭᠡᠨ ᠳᠤ ᠨᠢᠭᠤᠭᠳᠠᠵᠤ ᠨᠤᠴᠤᠭᠠᠤᠨ

ᠠᠨᠢᠷ ᠦᠭᠡᠶ ᠳᠠᠨ ᠵᠢᠠᠨ ᠰᠠᠨᠠᠨ ᠮᠥᠷᠦᠭᠡᠳᠭᠦ ᠳ᠋ᠤ

ᠠᠳᠤᠭᠤᠨ ᠡᠴᠡ ᠪᠠᠨ ᠰᠠᠯᠤᠭᠰᠠᠨ ᠦᠷᠢᠶ᠎ᠠ ᠰᠢᠭ᠌ ᠵᠤᠪᠠᠯ᠎ᠡ︕

ᠠᠮᠢᠳᠤᠷᠠᠯ ᠳᠤ ᠵᠤᠪᠠᠯᠠᠩ ᠤᠨ ᠦᠨᠳᠦᠰᠦ ᠲ᠋ᠠᠰᠤᠷᠠᠭᠰᠠᠨ ᠦᠭᠡᠶ︕

ᠵᠢᠷᠦᠭᠡᠨ ᠤ ᠬᠤᠶᠠᠷ ᠣᠯᠠᠭᠠᠨ ᠰᠤᠳᠠᠯ

ᠨᠢᠭᠡ ᠭᠤᠤᠯ ᠤᠨ ᠡᠷᠭᠢ ᠳᠤ ᠪᠠᠭᠳᠠᠭᠰᠠᠨ ᠥᠭᠡᠢ

ᠵᠡᠭᠦᠳᠤᠨ ᠤ ᠪᠣᠷᠤ ᠳᠤᠮᠤᠭ ᠤᠳ

ᠨᠢᠭᠡ ᠦᠨᠳᠦᠰᠦ ᠪᠠᠷ ᠭᠡᠯᠭᠢᠭ᠍ᠳᠡᠭ᠍ᠰᠡᠨ ᠥᠭᠡᠢ

ᠵᠣᠢ᠌ᠯ ᠤᠨ ᠣᠯᠠᠨ ᠥᠯᠢᠭᠡᠷ ᠶᠠᠪᠠᠭᠠᠨ ᠣᠷᠤᠰᠴᠤ

ᠵᠠᠶᠠᠭ᠎ᠠ ᠳᠠᠪᠢᠯᠠᠩ ᠢ ᠮᠢᠨᠢ ᠬᠠᠯᠳᠤᠷᠢᠭᠠᠭᠰᠠᠨ︕

ᠵᠠᠮ ᠠᠠᠳᠤᠭᠤᠷᠠᠵᠤ ᠰᠡᠭᠦᠷᠡᠰᠤ ᠠᠯᠳᠠᠭᠤᠯᠵᠤ

ᠵᠥᠩᠳᠡᠭᠡᠨ ᠬᠤᠶᠠᠷ ᠲ᠋ᠠᠰᠢ ᠶᠠᠪᠣᠭᠰᠠᠨ︕

ᠵᠠᠯᠠᠭᠤ ᠽᠠᠠᠳᠠᠨ ᠦᠬᠢᠨ ᠬᠠᠢ᠌ᠷ᠎ᠠ ᠮᠢᠨᠢ

ᠵᠠᠭᠤᠷᠠᠳᠤ ᠶᠢᠨ ᠳᠦᠭᠡᠷᠭᠡ ᠳᠤ ᠣᠨᠢᠰᠤᠯᠠᠭᠳᠠᠵᠤ

ᠵᠠᠭᠤ ᠭᠦᠷᠭᠦ ᠦᠭᠡᠶ ᠨᠠᠰᠤᠨ ᠳ᠋ᠠᠭᠠᠨ

ᠳᠠᠭᠢᠨ ᠣᠴᠠᠷᠠᠬᠤ ᠦᠭᠡᠶ ᠪᠣᠯᠭᠠᠪᠠ︕

ᠵᠢᠷᠤᠭ ᠰᠢᠭ ᠥᠯᠡᠳᠡᠭᠡᠭ᠍ᠰᠡᠨ ᠣᠯᠠ ᠮᠦᠷ ᠳᠠᠨᠢ

ᠵᠡᠭᠦᠳᠤ ᠰᠢᠭ᠌ ᠨᠠᠮᠢ᠋ᠢ ᠳᠠᠭᠠᠵᠤ ᠰᠡᠭᠦᠳᠡᠷ ᠪᠣᠯᠪᠠ

ᠵᠠᠳᠠᠯᠠᠬᠤ ᠳᠤ ᠵᠢᠷᠦᠭᠡᠰᠢᠶᠡᠯᠭᠡᠭᠦ ᠵᠠᠬᠢᠳᠡᠯ ᠰᠢᠭ ᠬᠠᠢ᠌ᠷ᠎ᠠ ᠪᠠᠨ

ᠵᠠᠮ ᠮᠤᠷᠤᠢ ᠠᠮᠢᠳᠤᠷᠠᠯ ᠤᠨ ᠰᠡᠭᠡᠷ ᠳᠡᠭᠡᠷ᠎ᠡ ᠡᠴᠡ

ᠵᠠᠷᠭᠤ ᠦᠭᠡᠶ᠂ ᠬᠤᠷᠸ᠎ᠠ ᠳᠤ ᠳᠡᠯᠭᠡᠯ᠎ᠡ︕

ᠬᠤᠭᠤᠷᠠᠵᠤ ᠣᠨᠠᠬᠤ ᠦᠭᠡᠶ ᠣᠨᠠᠭᠠᠨ ᠬᠠᠢ᠌ᠷ᠎ᠠ

ᠬᠤᠷᠢᠨ ᠵᠢᠯ ᠡᠪᠦᠷᠯᠡᠭ᠍ᠰᠡᠨ ᠰᠠᠤᠠᠭᠢᠯ ᠤᠨ ᠭᠦᠷᠦᠡᠭ᠌ ᠰᠢᠷᠬ᠎ᠠ

ᠬᠤᠳᠤᠭᠤᠷ ᠳᠠᠮᠵᠢᠭᠰᠠᠨ ᠪᠣᠳᠤᠯ ᠤᠨ ᠭᠠᠳᠠᠨᠠᠭᠢ ᠠᠮᠢᠳᠤᠷᠠᠯ

ᠬᠤᠪᠢ ᠲᠡᠶ ᠪᠠᠢ᠌ᠭᠠᠤᠨ ᠠᠯᠳᠠᠭᠰᠠᠨ ᠠᠩᠬᠠᠨ ᠤ ᠬᠠᠢ᠌ᠷ᠎ᠠ

ᠬᠤᠢ ᠦᠭᠡᠶ ᠪᠣᠯᠤᠭᠠᠤᠨ ᠭᠡᠭᠡᠭ᠍ᠳᠡᠭ᠍ᠰᠡᠨ ᠨᠠᠰᠤᠨ ᠤ ᠬᠤᠭᠢᠷᠠᠯ

ᠬᠤᠨ ᠰᠢᠪᠠᠭᠤ ᠰᠢᠭ ᠴᠠᠭᠠᠨ ᠶᠢᠡᠷ ᠢᠵᠢᠯᠢᠰᠢᠭ᠍ᠰᠡᠨ ᠳᠤᠮᠤᠭ

ᠬᠤᠤᠠᠳᠤᠭ ᠤᠨ ᠮᠡᠯᠡᠭᠡᠢ ᠰᠢᠭ᠌ ᠣᠷᠤᠨ ᠳᠠᠭᠠᠨ ᠬᠤᠴᠤᠷᠤᠭᠰᠠᠨ ᠪᠢ︕

ᠬᠤᠯᠠᠤᠠᠬᠤ ᠲ᠋ᠤᠰᠤᠮ ᠰᠥᠮᠡᠯᠵᠡᠭᠦ ᠵᠤᠪᠠᠯᠠᠩ ᠤᠨ ᠦᠨᠳᠦᠰᠦ

ᠬᠣᠢ᠌ᠳᠤ ᠲᠦᠷᠦᠯ ᠳᠤ ᠴᠤ ᠣᠯᠳᠠᠬᠤ ᠦᠭᠡᠶ ᠣᠨᠠᠭᠠᠨ ᠳᠤᠷᠠᠤᠠᠬᠠᠯ

ᠬᠤᠤᠰ ᠴᠤᠬᠤᠷ ᠴᠡᠴᠡᠭᠡᠢ ᠳᠤ ᠮᠢᠨᠢ ᠨᠢᠯᠪᠣᠰᠤᠷᠠᠨ ᠳᠤᠨᠤᠯ᠎ᠠ︕

ᠬᠤᠩᠭ᠋ᠤᠷ ᠢᠪᠴᠤᠤ ᠰᠠᠤᠠᠭᠢᠯ ᠳᠤ ᠮᠢᠨᠢ ᠠᠶᠠᠷᠯᠠᠨ ᠰᠢᠩᠭᠡᠯ᠎ᠡ︕

ᠦᠬᠢᠨ ᠴᠠᠭ ᠤᠨ ᠥᠮᠴᠢᠷᠭᠡᠭ᠍ᠰᠡᠨ ᠬᠠᠢ᠌ᠷ᠎ᠠ

ᠣᠭᠢᠶᠠᠵᠤ ᠠᠷᠢᠯᠬᠤ ᠦᠭᠡᠶ ᠵᠤᠪᠠᠯᠠᠩ ᠤᠨ ᠦᠨᠳᠦᠰᠦ

ᠥᠳᠦᠯᠡᠭᠦ ᠶᠢᠨ ᠥᠵᠦᠭᠦᠷ ᠭᠡᠷᠴᠢᠵᠤ ᠭᠡᠯᠡᠭᠦ

ᠣᠢ᠌ᠯᠠ᠂ ᠵᠠᠶᠠᠭ᠎ᠠ᠂ ᠶᠠᠯ᠎ᠠ ᠭᠤᠷᠪᠠ

ᠥᠷᠤ᠂ ᠵᠢᠷᠦᠭᠡ᠂ ᠰᠠᠤᠠᠭᠢᠯ ᠭᠤᠷᠪᠠ

ᠣᠭᠢᠯᠠᠬᠤ᠂ ᠭᠤᠮᠤᠳᠠᠬᠤ᠂ ᠪᠣᠭᠢᠨᠢᠳᠤᠯ ᠭᠤᠷᠪᠠ

ᠦᠨᠳᠦᠰᠦ᠂ ᠵᠤᠪᠠᠯᠠᠩ᠂ ᠠᠮᠢᠳᠤᠷᠠᠯ ᠭᠤᠷᠪᠠ

ᠥᠷ᠎ᠡ᠂ ᠡᠭᠡ᠂ ᠱᠤᠷᠦᠩ ᠭᠤᠷᠪᠠ

ᠣᠯᠤᠯᠳᠠ ᠦᠭᠡᠶ ᠥᠶᠡᠷᠯᠡᠭᠦ ᠰᠠᠤᠠᠭᠢᠯ ᠤᠨ ᠬᠠᠢ᠌ᠯᠤᠯ

ᠦᠷᠦ ᠵᠢᠷᠦᠭᠡᠨ ᠳᠤ ᠴᠢᠰᠤ ᠪᠠᠷ ᠪᠢᠴᠢᠭ᠍ᠳᠡᠭ᠍ᠰᠡᠨ

ᠣᠶᠠᠩᠭ᠋᠎ᠠ ᠵᠢᠨ ᠣᠭᠵᠤᠮ ᠭᠡᠯᠭᠢᠶ᠎ᠡ

ᠣᠶᠤᠮᠠᠯ ᠶ‍ᠢᠷᠳᠢᠠᠴᠤ ᠶᠢᠨ ᠳᠤᠷᠭᠠᠨ ᠭᠦᠰᠢᠭᠡᠨ ᠳ᠋ᠤ

ᠣᠭᠤᠰᠤᠷ ᠦᠭᠡᠶ ᠳᠤᠭᠯᠠᠭᠰᠠᠨ ᠮᠢᠨᠤ ᠠᠮᠢᠳᠤᠷᠠᠯ︕

ᠳᠠᠰ ᠴᠠᠪᠴᠢᠵᠤ ᠬᠠᠶᠠᠭᠰᠠᠨ ᠥᠭᠡᠢ

ᠳᠠᠭ ᠠᠨᠢᠭᠳᠠᠵᠤ ᠥᠯᠡᠳᠡᠭ᠍ᠰᠡᠨ ᠵᠤᠪᠠᠯᠠᠩ ᠤᠨ ᠦᠨᠳᠦᠰᠦ

ᠡᠰᠡ ᠭᠡᠯᠡᠭᠦ ᠳᠤ ᠡᠮᠵᠡᠭ᠌ ᠣᠯᠠᠨ

ᠵᠤᠪᠠᠯᠠᠩ ᠤᠨ ᠦᠨᠳᠦᠰᠦ ᠮᠤᠬᠤᠷᠳᠠᠨ᠎ᠠ

ᠡᠷᠭᠢᠴᠡᠭᠦᠯᠵᠤ ᠪᠤᠳᠤᠭᠠᠳ ᠡᠷᠭᠢᠵᠤ ᠤᠴᠡᠷᠡᠪᠠᠯ

ᠵᠤᠪᠠᠯᠠᠩ ᠤᠨ ᠦᠨᠳᠦᠰᠦ ᠥᠷᠭᠦᠯᠵᠢᠯᠡᠨ᠎ᠡ᠂᠂


2007.4.19

ᠵᠤᠬᠢᠶᠠᠭᠴᠢ᠄ ᠳᠦᠭᠦᠷᠰᠥ᠋ᠷᠦᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3603
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ