ᠨᠡᠪᠲᠡᠷᠡᠨ ᠤᠷᠤᠬᠤ
ᠭᠠᠰᠢᠭᠤᠨ ᠠᠢ᠌ᠷᠠᠭ

ᠪᠣᠳᠤᠯ ᠤᠨ ᠥᠵᠦᠭᠦᠷ ᠡᠴᠡ ᠣᠷᠭᠤᠬᠤ

ᠪᠣᠭᠤᠷᠤᠯ ᠳᠤᠮᠤᠭ ᠤᠨ ᠰᠢᠷᠭᠡᠭ᠌ ᠡᠪᠠᠰᠤ

ᠪᠣᠴᠠᠰᠢ ᠦᠭᠡᠶ ᠳᠡᠦᠭᠡ ᠶᠢᠨ ᠭᠦᠷᠳᠤᠨ ᠡᠴᠡ

ᠪᠣᠷᠤ ᠵᠢᠷᠦᠭᠡᠨ ᠳᠤ ᠮᠢᠨᠢ ᠡᠮᠳᠡᠷᠡᠵᠤ ᠣᠨᠠᠨ᠎ᠠ


ᠰᠦᠷᠯᠢᠭ᠌ ᠠᠭᠤᠠᠯᠰ ᠤᠨ ᠮᠢᠨᠢ ᠦᠴᠦᠭᠡᠳᠦᠷ ᠤᠨ ᠳᠦᠷᠭᠦ

ᠦᠷᠯᠦᠭᠡ ᠶᠢᠨ ᠳᠤᠯᠤᠩ ᠰᠢᠷᠬᠠᠯᠠᠨ ᠳᠤᠰᠴᠤ

ᠰᠦ᠋ ᠶᠢᠨ ᠦᠨᠦᠷ ᠰᠡᠳᠭᠢᠯ ᠳᠤ ᠬᠤᠨᠤᠭᠰᠢᠵᠤ

ᠦᠨᠢᠶᠠᠤᠨ ᠤᠨ ᠭᠡᠳᠡᠰᠤ ᠳᠤᠮᠳᠠᠭᠤᠷ ᠴᠠᠯᠭᠢᠯᠠᠨ᠎ᠠ


ᠠᠯᠳᠠᠭᠰᠠᠨ ᠠᠳᠤᠭᠤᠳ ᠤᠨ ᠮᠦᠷ ᠰᠤᠷᠠᠭ

ᠠᠶᠠᠨ ᠤ ᠴᠤᠪᠣᠭ᠎ᠠ ᠰᠢᠭ ᠳᠠᠰᠤᠷᠠᠵᠤ

ᠠᠳᠠᠷᠰᠢᠵᠤ ᠡᠯᠡᠰᠦᠷᠭᠡᠭ᠍ᠵᠢᠭ᠍ᠰᠡᠨ ᠦᠨᠦᠳᠤᠷ ᠤᠨ ᠳᠠᠷᠢᠶ᠎ᠠ

ᠮᠠᠷᠭᠠᠰᠢ ᠶᠢᠨ ᠰᠢᠭᠤᠷᠭ᠎ᠠ ᠳᠠᠰᠢ ᠰᠤᠨᠤᠯᠵᠠᠩᠬᠠᠨ ᠬᠤᠯᠠᠳᠠᠨ᠎ᠠ


ᠡᠪᠠᠰᠤ ᠪᠠᠷ ᠨᠡᠷᠡᠭ᠍ᠰᠡᠨ ᠠᠷᠢᠭᠢᠨ ᠤ ᠭᠦᠴᠤᠨ ᠳᠤ

ᠡᠪᠠᠢ ᠪᠠᠶ᠎ᠠ ᠮᠢᠨᠢ ᠰᠦᠨᠠᠰᠤ ᠲᠡᠶ ᠪᠠᠨ ᠪᠦᠳᠦᠴᠢᠭᠦ ᠳᠤ

ᠡᠪᠦᠭᠡ ᠶᠢᠨ ᠪᠦᠷᠢᠭ᠍ᠰᠡᠨ ᠰᠠᠭᠠᠯᠢ ᠶᠢᠨ ᠠᠷᠢᠭᠢ

ᠰᠠᠨᠠᠭᠠᠨ ᠤ ᠥᠵᠦᠭᠦᠷ ᠭᠠᠰᠢᠭᠤᠨ ᠠᠮᠳᠠᠭᠳᠠᠨ᠎ᠠ


ᠪᠣᠳᠤᠯ ᠳᠤ ᠪᠠᠨ ᠳᠠᠷᠤᠭᠳᠠᠭᠰᠠᠨ ᠪᠣᠭᠤᠷᠤᠯ ᠠᠪᠣ ᠶᠢᠨ

ᠪᠠᠷᠤᠭᠠᠷ ᠴᠢᠷᠠᠢ ᠬᠠᠩᠭᠢᠨᠠᠭᠰᠠᠨ ᠰᠡᠭᠦᠷᠡᠰᠤ

ᠨᠡᠭᠡᠢ ᠳᠠᠪᠠᠯᠳᠠᠨ ᠤ ᠰᠡᠳᠭᠢᠯ ᠤᠨ ᠭᠦᠭ᠌ ᠰᠢᠩᠭᠡᠵᠤ

ᠨᠠᠢ᠌ᠷᠠᠭ ᠤᠨ ᠬᠠᠭᠤᠳᠠᠰᠤᠨ ᠳᠤ ᠨᠦᠰᠠᠷ ᠣᠨᠠᠨ᠎ᠠ


ᠲ᠋ᠠᠯ᠎ᠠ ᠶᠢᠨ ᠭᠦᠷᠦᠰᠤᠨ ᠳᠤ ᠬᠠᠩᠭᠢᠨᠠᠳᠠᠯ᠎ᠠ ᠰᠢᠩᠭᠡᠭ᠍ᠰᠡᠨ

ᠳᠠᠨᠠᠨ ᠴᠠᠭᠠᠨ ᠭᠡᠷ ᠤᠨ ᠮᠢᠨᠢ ᠦᠷᠤᠪᠳᠠᠰᠤ

ᠳᠤᠨᠤᠮᠠᠯ ᠣᠰᠤᠨ ᠳᠤ ᠰᠡᠭᠦᠳᠡᠷ ᠲᠡᠶ ᠪᠠᠨ ᠨᠤᠷᠤᠭᠰᠠᠨ

ᠳᠠᠯ ᠰᠤᠷᠢᠭᠰᠠᠨ ᠠᠳᠤᠭᠤᠳ ᠤᠨ ᠦᠣᠷᠰᠠᠯ


ᠭᠠᠩᠳᠠᠭᠰᠠᠨ ᠪᠠᠯᠴᠢᠭᠡᠷ ᠦᠶᠡᠷ ᠲᠡᠶ ᠪᠠᠨ ᠬᠠᠯᠭᠢᠯᠠᠵᠤ

ᠭᠠᠵᠠᠷ ᠤᠨ ᠬᠤᠯᠠ ᠪᠣᠳᠤᠯ ᠮᠢᠨᠢ ᠨᠡᠭᠦᠨ᠎ᠡ

ᠭᠠᠩᠰᠠᠷᠠᠭᠰᠠᠨ ᠠᠭᠤᠯᠠᠰ ᠲᠤ ᠭᠦᠷᠦᠭᠡᠳ ᠥᠩᠴᠢᠷᠡᠭ᠍ᠰᠡᠨ ᠴᠤ

ᠬᠤᠪᠬᠠᠢ᠌ᠷᠠᠭᠰᠠᠨ ᠮᠤᠳᠤᠨ ᠳᠤ ᠴᠡᠴᠡᠭ᠌ ᠳᠡᠯᠭᠡᠭᠦ ᠦᠭᠡᠶ


ᠣᠯᠵᠤ ᠠᠯᠳᠠᠭᠰᠠᠨ ᠠᠮᠢᠳᠤᠷᠠᠯ ᠪᠦᠭᠦᠨ ᠳᠤ ᠪᠠᠨ

ᠣᠨᠤᠭ᠎ᠠ ᠳᠠᠯᠪᠢᠵᠤ ᠬᠠᠷᠪᠣᠭᠰᠠᠨ ᠶᠤᠮ ᠪᠣᠯ

ᠣᠬᠠᠵᠤ ᠳᠠᠨᠢᠭᠰᠠᠨ ᠣᠰᠤᠯ ᠪᠣᠯᠭᠠᠨ ᠳᠤ ᠪᠠᠨ

ᠰᠡᠳᠭᠢᠯ ᠵᠢᠷᠦᠭᠡ ᠪᠠᠨ ᠵᠥᠳᠡᠭᠡᠭ᠍ᠰᠡᠨ ᠶᠤᠮ ᠪᠣᠯ


ᠮᠤᠩᠭ᠋ᠤᠯ ᠳᠠᠯ᠎ᠠ ᠮᠢᠨᠢ ᠰᠢᠭᠦᠳᠡᠷᠢ ᠲᠡᠶ ᠬᠤᠨᠤᠭᠯᠠᠵᠤ

ᠠᠷᠪᠠᠨ ᠭᠤᠷᠪᠠᠳᠤᠭᠠᠷ ᠵᠠᠭᠤᠨ ᠰᠢᠭ ᠮᠥᠩᠭᠡᠷᠡᠭᠦ ᠪᠠᠢ᠌ᠭᠰᠠᠨ

ᠮᠤᠩᠭ᠋ᠤᠯ ᠳᠠᠷᠢᠶ᠎ᠠ ᠬᠤᠳᠤᠭᠤᠷ ᠪᠢᠯᠬᠠᠭᠤᠯᠵᠤ

ᠠᠽᠢᠶ᠎ᠠ ᠶᠢᠨ ᠨᠠᠷᠠᠨ ᠊ᠭ᠍‍ᠬᠢᠷᠳᠦᠭᠦ ᠦᠭᠡᠶ ᠪᠠᠢ᠌ᠭᠰᠠᠨ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2011 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ