ᠨᠡᠪᠲᠡᠷᠡᠨ ᠤᠷᠤᠬᠤ
ᠭᠠᠩᠷᠢᠮ᠎ᠠ

ᠭᠠᠷ ᠢ ᠴᠢᠨᠢ ᠠᠳᠬᠤᠵᠤ ᠨᠠᠷ᠎ᠠ ᠶᠢ ᠴᠢᠨᠢ ᠰᠢᠪᠠᠨᠡᠭ᠍ᠰᠡᠨ ᠮᠢᠨᠢ ᠵᠢᠷᠭᠠᠯ ᠲᠡᠶ

ᠭᠠᠯ ᠣᠯᠠᠭᠠᠨ ᠣᠷᠤᠭᠤᠯ ᠡᠴᠡ ᠴᠢᠨᠢ ᠦᠨᠦᠰᠴᠤ ᠳᠠᠭᠠᠯᠠᠭᠰᠠᠨ ᠮᠢᠨᠢ ᠠᠵᠠ ᠲᠡᠶ

ᠭᠠᠭᠴᠠ ᠯᠠ ᠥᠵᠡᠭᠡᠳ ᠳᠤᠷᠠᠯᠠᠭᠰᠠᠨ ᠮᠢᠨᠢ ᠦᠨᠡᠠᠴᠢ ᠰᠡᠳᠭᠢᠯ ᠤᠨ ᠣᠭᠢ ᠲᠡᠶ

ᠭᠠᠭᠴᠠᠭᠠᠷᠳᠠᠵᠤ ᠶᠠᠪᠣᠭᠰᠠᠨ ᠪᠠᠶ᠎ᠠ ᠳᠤ ᠮᠢᠨᠢ ᠪᠠᠷ᠎ᠠ ᠨᠡᠮᠡᠭ᠍ᠰᠡᠨ ᠠᠯᠬᠤᠭ᠎ᠠ ᠲᠡᠶ᠂

ᠬᠠᠢ᠌ᠷ᠎ᠠ ᠪᠠᠷ ᠳᠤᠭᠳᠠᠬᠤ ᠬᠤᠷᠸ᠎ᠠ ᠳᠤ

ᠬᠠᠷᠠᠭ᠎ᠠ ᠶᠢ ᠮᠢᠨᠢ ᠪᠣᠯᠢᠶᠠᠭᠰᠠᠨ ᠭᠠᠩᠷᠢᠮ᠎ᠠ

ᠬᠠᠢ᠌ᠷᠬᠠᠨ ᠳᠦᠷᠦᠭ᠍ᠰᠡᠨ ᠪᠠᠶ᠎ᠠ ᠪᠠᠷ ᠶᠢᠡᠨ

ᠵᠡᠭᠦᠳᠤᠨ ᠳᠤ ᠮᠢᠨᠢ ᠬᠤᠨᠤᠭᠰᠢᠭᠰᠠᠨ ᠭᠠᠩᠷᠢᠮ᠎ᠠ

ᠣᠷᠢ ᠵᠠᠯᠠᠭᠤ ᠨᠠᠰᠤᠨ ᠤ ᠮᠢᠨᠢ

ᠦᠨᠡᠠᠴᠢ ᠬᠠᠢ᠌ᠷ᠎ᠠ ᠭᠠᠩᠷᠢᠮ᠎ᠠ

ᠦᠷᠯᠦᠭᠡ ᠦᠳᠡᠰᠢ ᠶᠢᠨ ᠰᠡᠯᠡᠭᠦᠨ ᠳᠤ

ᠪᠣᠳᠤᠯ ᠤᠨ ᠮᠢᠨᠢ ᠣᠶᠠᠭ᠎ᠠ ᠭᠠᠩᠷᠢᠮ᠎ᠠ

ᠥᠵᠡᠮᠡᠭ᠍ᠴᠡ ᠳᠤᠭᠤᠭᠰᠠᠨ ᠰᠡᠳᠭᠢᠯ ᠢ ᠮᠢᠨᠢ

ᠣᠢ᠌ᠯᠠᠭᠠᠵᠤ ᠴᠢᠳᠠᠭᠰᠠᠨ ᠦᠭᠡᠶ ᠭᠠᠩᠷᠢᠮ᠎ᠠ

ᠦᠨᠡᠠᠴᠢ ᠵᠢᠷᠦᠭᠡᠨ ᠤ ᠮᠢᠨᠢ ᠬᠠᠢ᠌ᠷ᠎ᠠ ᠶᠢ ᠮᠢᠨᠢ

ᠣᠶᠠᠷᠠᠭᠤᠯᠵᠤ ᠳᠤᠭᠳᠤᠯᠤᠭᠤᠯᠤᠭᠰᠠᠨ ᠭᠠᠩᠷᠢᠮ᠎ᠠ

ᠡᠷᠴᠡᠭᠡᠢ ᠰᠢᠭᠤᠤᠠᠬᠠᠨ ᠵᠠᠩ ᠢ ᠮᠢᠨᠢ

ᠢᠳᠡᠭᠡᠵᠤ ᠠᠮᠵᠢᠭ᠎ᠠ ᠦᠭᠡᠶ ᠭᠠᠩᠷᠢᠮ᠎ᠠ

ᠢᠯᠠ ᠳᠤᠳᠤᠬᠠᠨ ᠥᠭᠡ ᠳᠤ ᠮᠢᠨᠢ

ᠳᠤᠭᠳᠠᠪᠣᠷᠢ ᠠᠯᠳᠠᠭᠰᠠᠨ ᠭᠠᠩᠷᠢᠮ᠎ᠠ

ᠢᠷᠡᠮᠡᠭᠦ ᠮᠦᠴᠡ ᠶᠢᠨ ᠳᠤᠷᠠᠯᠠᠯ ᠳᠤ ᠮᠢᠨᠢ

ᠢᠳᠡᠭᠡᠯ ᠡᠪᠦᠷᠯᠡᠭᠦᠯᠦᠭ᠍ᠰᠡᠨ ᠭᠠᠩᠷᠢᠮ᠎ᠠ

ᠢᠨᠠᠭ ᠤᠨ ᠣᠯᠠᠭᠠᠨ ᠭᠠᠯ ᠢ ᠮᠢᠨᠢ

ᠣᠠᠳᠠᠷᠠᠭᠠᠬᠤ ᠰᠢᠬᠠᠭᠰᠠᠨ ᠭᠠᠩᠷᠢᠮ᠎ᠠ

ᠬᠠᠢ᠌ᠷ᠎ᠠ ᠶᠢᠨ ᠣᠯᠠᠭᠠᠨ ᠰᠠᠷᠠᠨ᠎ᠠ ᠶᠢ ᠮᠢᠨᠢ

ᠭᠦᠯᠢᠶᠡᠵᠤ ᠴᠢᠳᠠᠭᠰᠠᠨ ᠦᠭᠡᠶ ᠭᠠᠩᠷᠢᠮ᠎ᠠ

ᠦᠨᠡᠨ ᠴᠠᠢ᠌ᠯᠭᠠᠨ ᠰᠡᠳᠭᠢᠯ ᠳᠤ ᠮᠢᠨᠢ

ᠭᠤᠮᠤᠳᠠᠯ ᠬᠤᠴᠤᠷᠤᠭᠤᠯᠤᠭᠰᠠᠨ ᠭᠠᠩᠷᠢᠮ᠎ᠠ

ᠦᠨᠦᠴᠢᠨ ᠪᠣᠷᠤ ᠵᠢᠷᠦᠭᠡᠨ ᠳᠤ ᠮᠢᠨᠢ

ᠦᠨᠦᠷ ᠶᠢᠡᠨ ᠦᠯᠡᠳᠡᠭᠡᠭ᠍ᠰᠡᠨ ᠭᠠᠩᠷᠢᠮ᠎ᠠ

ᠥᠭᠡᠢ᠌ᠷᠡᠰᠢ ᠦᠭᠡᠶ ᠠᠷᠢᠭᠤᠨ ᠬᠠᠢ᠌ᠷ᠎ᠠ ᠶᠢ ᠮᠢᠨᠢ

ᠦᠪᠡᠷ ᠤᠨ ᠭᠢ ᠪᠣᠯᠭᠠᠭᠠᠴᠢ ᠭᠠᠩᠷᠢᠮ᠎ᠠ

ᠰᠢᠷᠭᠢᠰᠢ ᠦᠭᠡᠶ ᠦᠨᠡᠨ ᠰᠡᠳᠭᠢᠯ ᠳᠤ ᠮᠢᠨᠢ

ᠰᠢᠭᠢᠤᠠᠴᠤ ᠳᠤᠨᠤᠭᠰᠠᠨ ᠭᠠᠩᠷᠢᠮ᠎ᠠ

ᠰᠢᠯᠵᠢᠰᠢ ᠦᠭᠡᠶ ᠠᠷᠢᠭᠤᠬᠠᠨ ᠵᠢᠷᠦᠭᠡᠨ ᠳᠤ ᠮᠢᠨᠢ

ᠰᠤᠯᠤᠩᠭ᠋᠎ᠠ ᠪᠣᠯᠤᠨ ᠠᠷᠠᠬᠠᠯᠠᠭᠳᠠᠭᠰᠠᠨ ᠭᠠᠩᠷᠢᠮ᠎ᠠ

ᠰᠢᠵᠢᠷ ᠠᠯᠳᠠᠨ ᠨᠠᠰᠤᠨ ᠤ ᠮᠢᠨᠢ

ᠰᠢᠠᠳᠠᠰᠤ ᠶᠢ ᠪᠣᠯᠢᠶᠠᠭᠰᠠᠨ ᠭᠠᠩᠷᠢᠮ᠎ᠠ

ᠰᠡᠪᠳᠦᠭᠡ ᠦᠭᠡᠶ ᠰᠡᠳᠭᠢᠯ ᠳᠤ ᠮᠢᠨᠢ

ᠰᠢᠯᠦᠭ᠌ ᠪᠣᠯᠵᠤ ᠠᠮᠢᠯᠠᠭᠰᠠᠨ ᠭᠠᠩᠷᠢᠮ᠎ᠠ

ᠰᠡᠭᠦᠷᠡᠰᠤ ᠠᠯᠳᠠᠭᠰᠠᠨ ᠨᠠᠮᠢ᠋ᠢ

ᠠᠷᠭᠠᠳᠠᠵᠤ ᠴᠢᠳᠠᠭ᠎ᠠ ᠦᠭᠡᠶ ᠭᠠᠩᠷᠢᠮ᠎ᠠ

ᠰᠡᠳᠭᠢᠯ ᠵᠢᠷᠦᠭᠡᠨ ᠤ ᠮᠢᠨᠢ ᠭᠦᠨ ᠡᠴᠡ

ᠪᠠᠯᠠᠷᠠᠬᠤ ᠦᠭᠡᠶ ᠳᠠᠭᠢᠨᠢ ᠭᠠᠩᠷᠢᠮ᠎ᠠ

ᠭᠠᠭᠴᠠᠭᠠᠷᠳᠠᠭᠰᠠᠨ ᠰᠦᠨᠢ ᠶᠢᠨ ᠪᠣᠳᠤᠯ ᠳᠤ

ᠬᠠᠵᠠᠭᠤ ᠳᠤ ᠮᠢᠨᠢ ᠪᠠᠢ᠌ᠳᠠᠭ ᠭᠠᠩᠷᠢᠮ᠎ᠠ

ᠳᠤᠭᠳᠤᠯᠵᠤ ᠳᠠᠷᠤᠭᠰᠠᠨ ᠣᠳᠠᠰᠤᠨ ᠳᠤ

ᠨᠢᠯᠪᠣᠰᠤ ᠲᠡᠶ ᠶᠠᠷᠢᠭᠰᠠᠨ ᠭᠠᠩᠷᠢᠮ᠎ᠠ

ᠭᠡᠭᠦᠳᠡᠭ᠌ ᠴᠠᠭᠠᠨ ᠴᠡᠭᠡᠵᠢᠨ ᠳᠤ ᠮᠢᠨᠢ

ᠨᠠᠷ᠎ᠠ ᠪᠠᠨ ᠮᠥᠩᠭᠡᠯᠡᠭ᠍ᠰᠡᠨ ᠭᠠᠩᠷᠢᠮ᠎ᠠ

ᠭᠦᠰᠡᠯ ᠶᠢᠡᠷ ᠪᠢᠯᠬᠠᠭᠰᠠᠨ ᠠᠮᠢᠳᠤᠷᠠᠯ ᠤᠨ ᠮᠢᠨᠢ

ᠭᠦᠭ᠍ᠵᠢᠮ ᠤᠨ ᠠᠶᠠᠯᠠᠭᠤ ᠭᠠᠩᠷᠢᠮ᠎ᠠ

ᠭᠦᠷᠡᠩ ᠵᠢᠷᠦᠭᠡᠨ ᠤ ᠮᠢᠨᠢ ᠣᠩᠭ᠋ᠤᠨ ᠳᠤᠷᠠᠯᠠᠯ ᠢ

ᠭᠦᠭᠡᠷᠦᠭᠦᠨ ᠢᠨᠢᠶᠠᠳᠤ ᠪᠠᠷ ᠶᠢᠡᠨ ᠡᠵᠡᠮᠳᠡᠭ᠍ᠰᠡᠨ ᠭᠠᠩᠷᠢᠮ᠎ᠠ

ᠨᠢᠭᠤᠵᠤ ᠣᠨᠠᠭᠠᠭᠰᠠᠨ ᠨᠢᠯᠪᠣᠰᠤ ᠡᠴᠡ ᠮᠢᠨᠢ

ᠣᠷᠭᠤᠭᠰᠠᠨ ᠴᠡᠴᠡᠭ᠌ ᠭᠠᠩᠷᠢᠮ᠎ᠠ

ᠨᠢᠳᠤ ᠬᠠᠶᠠᠵᠤ ᠳᠤᠷᠠᠯᠠᠭᠰᠠᠨ

ᠨᠢᠭᠤᠴᠠᠬᠠᠨ ᠭᠡᠦᠭᠡᠨ ᠭᠠᠩᠷᠢᠮ᠎ᠠ

ᠴᠢᠩ ᠦᠨᠡᠠᠴᠢ ᠳᠤᠷᠠᠯᠠᠯ ᠤᠨ ᠮᠢᠨᠢ

ᠦᠬᠢᠨ ᠳᠡᠭ᠍ᠷᠢ ᠭᠠᠩᠷᠢᠮ᠎ᠠ

ᠴᠡᠪᠠᠷᠭᠡᠨ ᠳᠦᠷᠦᠭ᠍ᠰᠡᠨ ᠵᠢᠰᠤ ᠪᠠᠨ

ᠵᠢᠷᠦᠭᠡᠨ ᠳᠤ ᠮᠢᠨᠢ ᠬᠠᠳᠠᠭᠠᠯᠠᠭᠰᠠᠨ ᠭᠠᠩᠷᠢᠮ᠎ᠠ

ᠰᠡᠳᠭᠢᠯ ᠠᠯᠳᠠᠵᠤ ᠬᠠᠢ᠌ᠷᠠᠯᠠᠭᠰᠠᠨ ᠡᠴᠡ

ᠳᠡᠷᠭᠡᠳᠡ ᠴᠢᠨᠢ ᠭᠦᠶ‍ᠦᠭᠡᠳ ᠭᠦᠷᠴᠢᠭᠡᠭ᠍ᠰᠡᠨ ᠦᠦ

ᠰᠠᠷᠢᠮ᠎ᠠ ᠦᠭᠡᠶ ᠰᠦᠨᠢ ᠶᠢᠨ ᠵᠡᠭᠦᠳᠤᠨ ᠡᠴᠡ ᠮᠢᠨᠢ

ᠬᠤᠯᠠᠳᠠᠭᠠᠤᠨ ᠦᠭᠡᠶ ᠰᠠᠷᠠᠨ ᠭᠠᠩᠷᠢᠮ᠎ᠠ

ᠳᠠᠭᠤᠰᠤᠰᠢ ᠦᠭᠡᠶ ᠠᠷᠢᠭᠤᠨ ᠬᠠᠢ᠌ᠷ᠎ᠠ ᠪᠠᠨ

ᠳᠤᠷᠠᠯᠠᠭᠰᠠᠨ ᠴᠢᠮ᠎ᠠ ᠳᠠᠭᠠᠨ ᠵᠤᠷᠢᠭᠤᠯᠤᠨ᠎ᠠ ᠪᠢ

ᠳᠤᠤᠯᠢᠮ᠎ᠠ ᠬᠤᠷᠸ᠎ᠠ ᠶᠢᠨ ᠵᠢᠷᠭᠠᠯ ᠢ

ᠳᠠᠭᠤᠤ ᠰᠢᠯᠦᠭ᠌ ᠲᠡᠶ ᠪᠠᠨ ᠪᠠᠯᠡᠭᠯᠡᠨ᠎ᠡ ᠪᠢ

ᠠᠵᠢᠯ ᠤᠨ ᠭᠡᠭᠡᠮᠰᠦᠭ᠌ ᠳᠠᠰᠤᠭ ᠲᠤ ᠴᠢᠨᠢ

ᠠᠳᠭᠠᠨ ᠣᠷᠤᠭᠰᠠᠨ ᠢ ᠮᠢᠨᠢ ᠠᠭᠤᠴᠢᠯᠠᠭᠠᠷᠠᠢ

ᠠᠰᠬᠠᠷᠠᠭᠰᠠᠨ ᠬᠠᠯᠠᠭᠤᠨ ᠰᠡᠳᠭᠢᠯ ᠴᠢᠨᠢ

ᠠᠭᠤᠰᠤᠯ ᠦᠭᠡᠶ ᠭᠡᠪ ᠶᠢᠡᠷ ᠶᠢᠡᠨ ᠪᠠᠢ᠌ᠭᠠᠰᠠᠢ

ᠠᠭᠤᠷᠯᠠᠵᠤ ᠪᠢᠳᠡᠭᠡᠢ ᠭᠤᠮᠤᠳᠠᠭᠠᠷᠠᠢ ︕

ᠣᠭᠢᠯᠠᠵᠤ ᠪᠢᠳᠡᠭᠡᠢ ᠭᠡᠮᠰᠢᠭᠡᠷᠡᠢ ︕

ᠣᠳᠠᠰᠤ ᠶᠢ ᠮᠢᠨᠢ ᠪᠢᠳᠡᠭᠡᠢ ᠳᠠᠰᠤᠯᠤᠭᠠᠷᠠᠢ ᠭᠠᠩᠷᠢᠮ᠎ᠠ ︕

ᠠᠭᠤᠴᠢᠯᠠᠯ ᠭᠤᠶᠤᠭᠰᠠᠨ ᠳᠤ ᠮᠢᠨᠢ ᠣᠬᠠᠭᠠᠷᠠᠭᠠᠴᠢ ᠭᠠᠩᠷᠢᠮ᠎ᠠ ︕

ᠦᠷᠭᠦᠯᠵᠢ ᠴᠢᠮᠢ᠋ᠢ ᠥᠭᠡᠢ᠌ᠯᠡᠨ ᠰᠠᠨᠠᠵᠤ

ᠣᠢ᠌ᠤᠠᠬᠠᠷᠯᠠᠨ ᠭᠤᠨᠢᠳᠠᠭ ᠲᠤ ᠮᠢᠨᠢ ᠦᠷᠤ ᠡᠪᠠᠳᠦᠭᠡᠴᠢ ︕

ᠦᠨᠡᠨ ᠴᠢᠮ᠎ᠠ ᠳᠤ ᠳᠤᠷᠠᠯᠠᠭᠰᠠᠨ ᠢ ᠮᠢᠨᠢ

ᠢᠷᠡᠭᠦ ᠮᠠᠷᠭᠠᠰᠢ ᠶᠢᠨ ᠪᠣᠯᠵᠤᠭ᠎ᠠ ᠭᠡᠷᠡᠴᠢᠯᠡᠳᠦᠭᠡᠢ ︕

ᠦᠷ ᠴᠠᠢ᠌ᠯᠭᠠᠵᠤ ᠴᠢᠳᠠᠭᠰᠠᠨ ᠦᠭᠡᠶ ᠦᠨᠦᠰᠤᠯᠳᠠ ᠮᠢᠨᠢ

ᠡᠪᠦᠯ ᠤᠨ ᠰᠦᠨᠢ ᠶᠢᠨ ᠵᠡᠭᠦᠳᠤ ᠪᠠᠢ᠌ᠭᠠᠰᠠᠢ ︕

ᠦᠪᠡᠷ ᠡᠴᠡ ᠮᠢᠨᠢ ᠬᠤᠯᠠᠳᠠᠭᠰᠠᠨ ᠰᠡᠳᠭᠢᠯ ᠴᠢᠨᠢ

ᠥᠭᠡᠢ᠌ᠯᠡᠵᠤ ᠳᠤᠷᠠᠰᠤᠳᠠᠭ ᠮᠦᠷᠦᠭᠡᠳᠦᠯ ᠪᠣᠯᠤᠭᠠᠰᠠᠢ ︕

ᠬᠠᠳᠠᠭᠤ ᠳᠠᠪᠢᠯᠠᠩ ᠲᠡᠶ ᠣᠷᠴᠢᠯᠠᠩ ᠳᠤ ᠬᠠᠭᠠᠴᠠᠵᠤ ᠥᠩᠭᠡᠷᠡᠭ᠍ᠰᠡᠨ ᠴᠤ ᠶᠠᠭᠠᠭᠢᠬᠤᠪ ︖

ᠬᠠᠯᠠᠭᠤᠨ ᠵᠢᠷᠦᠭᠡᠨ ᠤ ᠮᠢᠨᠢ ᠴᠤᠭᠢᠯᠳᠠ ᠭᠠᠭᠴᠠ ᠴᠢᠮ᠎ᠠ ᠳᠠᠭᠠᠨ ᠳᠠᠮᠤᠯᠠᠨ᠎ᠠ

ᠬᠠᠪᠣᠷ ᠤᠨ ᠨᠤᠭᠤᠭ᠎ᠠ ᠰᠤᠶᠤᠭᠠᠯᠠᠬᠤ ᠡᠴᠡ ᠡᠮᠦᠨ᠎ᠡ ᠳᠤ ᠬᠠᠢ᠌ᠷ᠎ᠠ ᠶᠢ ᠮᠢᠨᠢ ᠴᠢ ᠳᠤᠰᠤᠭᠠᠷᠠᠢ ︕

ᠬᠠᠨ ᠳᠡᠯᠡᠭᠡᠢ ᠭᠦᠭᠡᠷᠡᠭᠦ ᠴᠠᠭ ᠲᠤ ᠬᠠᠮᠳᠤ ᠳᠠᠭᠠᠨ ᠪᠢᠳᠠ ᠬᠤᠶᠠᠷ ᠬᠠᠢ᠌ᠷ᠎ᠠ ᠪᠠᠨ ᠳᠠᠭᠤᠯᠠᠭᠠᠰᠠᠢ ︕

ᠬᠤᠤᠰ ᠦᠭᠡᠶ ᠳᠤᠷᠠᠳᠬᠠᠯ ᠴᠢᠨᠤ ᠳᠤᠬᠠᠢ ᠪᠣᠳᠤᠯ ᠢ

ᠬᠣᠢ᠌ᠰᠢᠳᠠ ᠶᠢᠨ ᠠᠮᠢᠳᠤᠷᠠᠯ ᠳᠠᠭᠠᠨ ᠴᠤ ᠮᠠᠷᠳᠠᠬᠤ ᠦᠭᠡᠶ

ᠬᠤᠤᠰᠯᠠᠬᠤ ᠶᠢᠨ ᠮᠦᠷᠦᠭᠡᠳᠦᠯ ᠢ ᠵᠢᠷᠦᠭᠡᠨ ᠳᠡᠭᠡᠨ ᠵᠢᠷᠤᠭᠯᠠᠵᠤ

ᠬᠤᠩᠭ᠋ᠤᠷ ᠴᠢᠮᠢ᠋ᠢ ᠪᠠᠨ ᠳᠡᠭᠡᠳᠦᠯᠡᠵᠤ ᠶᠠᠪᠣᠨ᠎ᠠ ᠪᠢ ︕

ᠬᠤᠶᠠᠷ ᠦᠭᠡᠶ ᠰᠡᠳᠭᠢᠯ ᠳᠡᠭᠡᠨ ᠨᠠᠠᠳᠢᠩᠨᠠᠨ ᠬᠠᠷᠠᠮᠨᠠᠵᠤ

ᠬᠤᠪᠳᠤᠯ ᠵᠢᠷᠦᠭᠡᠨ ᠳᠡᠭᠡᠨ ᠥᠭᠡᠢ᠌ᠯᠡᠵᠤ ᠶᠠᠪᠣᠨ᠎ᠠ ᠪᠢ ︕

ᠬᠠᠢ᠌ᠷ᠎ᠠ ᠶᠢ ᠮᠢᠨᠢ ᠪᠣᠯᠢᠶᠠᠭᠰᠠᠨ ᠴᠢᠨᠤ ᠨᠠᠷ᠎ᠠ ᠶᠢ

ᠬᠤᠷᠸ᠎ᠠ ᠳᠤ ᠪᠢ ᠠᠮᠢᠳᠤ ᠳᠠᠭᠠᠨ ᠮᠠᠷᠳᠠᠬᠤ ᠦᠭᠡᠶ ︕

ᠭᠠᠩᠷᠢᠮ᠎ᠠ᠁᠂


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ ᠤ ᠠᠯᠭᠤᠤ ᠰᠤᠮᠤᠨ

ᠵᠤᠬᠢᠶᠠᠭᠴᠢ᠄ ᠦ᠊·ᠨᠢᠮᠠᠴᠠᠷᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2010 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ