ᠨᠡᠪᠲᠡᠷᠡᠨ ᠤᠷᠤᠬᠤ
ᠪᠢ ᠴᠢᠮ᠎ᠠ ᠶᠢ ᠭᠦᠯᠢᠶᠡᠵᠤ ᠪᠠᠢ᠌ᠨ᠎ᠠ

ᠴᠠᠰᠤ ᠬᠠᠶᠠᠯᠠᠨ᠎ᠠ

ᠴᠢᠮ᠎ᠠ ᠶᠢ ᠭᠦᠯᠢᠶᠡᠵᠤ ᠪᠢ ᠳᠠᠩᠰᠢᠨ᠎ᠠ

ᠴᠡᠴᠡᠷᠯᠢᠭ᠌ ᠤᠨ ᠪᠣᠷᠤ ᠪᠢᠯᠵᠤᠤᠬᠠᠢ

ᠴᠡᠭᠡᠯᠭᠡᠨ ᠳᠠᠭᠤᠯᠠᠯ ᠶᠢᠡᠷ ᠨᠠᠮ᠎ᠠ ᠶᠢ ᠠᠷᠭᠠᠳᠠᠨ᠎ᠠ

ᠭᠦᠷᠦᠭᠡᠳ ᠢᠷᠡᠭᠦ ᠪᠣᠯ ᠦᠦ ᠭᠡᠵᠤ

ᠭᠦᠰᠡᠯ ᠣᠷᠭᠤᠭᠤᠯᠵᠤ ᠵᠤᠭᠰᠤᠨ᠎ᠠ

ᠭᠦᠮᠤᠨ ᠶᠠᠪᠣᠭᠰᠠᠨ ᠮᠦᠷ ᠵᠢᠠᠷ

ᠭᠦᠭᠡᠭᠡᠳ ᠣᠴᠢᠮᠠᠷ ᠰᠠᠨᠠᠭᠳᠠᠨ᠎ᠠ

ᠴᠠᠭᠠᠨ ᠰᠠᠷ᠎ᠠ ᠶᠢᠨ ᠫᠣᠤᠵᠢᠩ ᠤᠨ ᠳᠠᠭᠤᠨ ᠳ᠋ᠤ

ᠪᠢᠯᠵᠤᠤᠬᠠᠢ ᠥᠷᠭᠦᠨ᠎ᠡ

ᠴᠠᠭ ᠤᠨ ᠭᠦᠯᠢᠶᠡᠯᠳᠡ

ᠰᠡᠳᠭᠢᠯ ᠣᠢ᠌ᠮᠤᠷᠠᠭᠤᠯᠤᠨ᠎ᠠ

ᠪᠢ ᠴᠢᠮ᠎ᠠ ᠶᠢ ᠭᠦᠯᠢᠶᠡᠵᠤ ᠪᠠᠢ᠌ᠨ᠎ᠠ

ᠭᠦᠷᠦᠭᠡᠳ ᠢᠷᠡᠭᠡᠴᠢ᠂ ᠴᠢ ᠮᠢᠨᠢ

ᠴᠢᠨᠤ ᠳᠤᠬᠠᠢ ᠮᠥᠷᠦᠭᠡᠳᠦᠯ ᠊ᠤᠳ

ᠴᠠᠰᠤ ᠲᠡᠶ ᠴᠤᠭ ᠬᠠᠶᠠᠯᠠᠨ᠎ᠠ

ᠴᠠᠭᠠᠨ ᠴᠠᠮᠴᠠ ᠲᠡᠶ ᠮᠤᠳᠤᠳ

ᠴᠡᠷᠢᠭ᠌ ᠤᠨ ᠵᠢᠭᠰᠠᠭᠠᠯ ᠶᠢᠡᠷ ᠭᠦᠯᠢᠶᠡᠨ᠎ᠡ

ᠨᠠᠰᠢ ᠪᠠᠨ ᠢᠷᠠᠯ᠎ᠠ ᠭᠡᠵᠤ

ᠢᠨᠠᠭ ᠤᠨ ᠴᠢᠮᠡᠭᠡ ᠪᠠᠭᠤᠨ᠎ᠠ

ᠥᠷᠭᠦᠭ᠍ᠰᠡᠨ ᠪᠢᠯᠵᠤᠤᠬᠠᠢ ᠡᠷᠭᠢᠵᠤ ᠢᠷᠡᠭᠡᠳ

ᠡᠷᠢᠭ᠍ᠰᠡᠨ ᠰᠡᠳᠭᠢᠯ ᠢ ᠠᠷᠭᠠᠳᠠᠨ᠎ᠠ

ᠴᠠᠰᠤ ᠮᠤᠳᠤᠨ ᠨᠠᠮᠠᠭᠠᠨ ᠳᠤ ᠪᠦᠵᠢᠭᠯᠡᠨ᠎ᠡ

ᠪᠢ ᠴᠢᠮ᠎ᠠ ᠶᠢ ᠭᠦᠯᠢᠶᠡᠵᠤ ᠴᠢᠨᠤᠨ᠎ᠠ

ᠬᠠᠢ᠌ᠷ᠎ᠠ ᠶᠢᠨ ᠢᠯᠴᠢᠨ ᠳᠤ ᠴᠠᠰᠤ ᠬᠠᠢ᠌ᠯᠤᠨ᠎ᠠ

ᠬᠠᠨᠢ ᠶᠢᠨ ᠭᠦᠰᠡᠯ ᠳᠤ ᠬᠤᠷᠸ᠎ᠠ ᠣᠶᠠᠷᠠᠨ᠎ᠠ

ᠪᠢ ᠴᠢᠮ᠎ᠠ ᠶᠢ ᠭᠦᠯᠢᠶᠡᠵᠤ ᠪᠠᠢ᠌ᠨ᠎ᠠ

ᠭᠦᠷᠦᠭᠡᠳ ᠢᠷᠡᠭᠡᠴᠢ᠂ ᠴᠢ ᠮᠢᠨᠢ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3662
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ